ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠰᠢᠨ᠋ᠧᠯ

ᠨ᠂ ᠸ᠂ ᠭᠣᠭᠤᠯ

᠁ ᠨᠢᠭᠡᠨ ᠵᠤᠷᠭᠠᠨ᠎ᠳᠤ ᠨᠢᠭᠡᠨ ᠲᠦᠰᠢᠮᠡᠯ ᠠᠯᠪᠠ ᠬᠠᠭᠠᠵᠤ ᠪᠠᠢᠵᠠᠢ᠃ ᠡᠨᠡ ᠲᠦᠰᠢᠮᠡᠯ᠎ᠳᠦ ᠣᠯᠠᠨ᠎ᠠᠴᠠ ᠭᠣᠴᠤ ᠭᠠᠵᠠᠷ᠎ᠦᠭᠡᠢ ᠮᠥᠷᠲᠡᠭᠡᠨ ᠪᠡᠶ᠎ᠡ ᠪᠢᠯᠳᠠᠷ᠎ᠨᠢ ᠳᠠᠪᠵᠠ᠂ ᠴᠢᠷᠠᠢ ᠳᠡᠭᠡᠷ᠎ᠡ᠎ᠪᠡᠨ ᠬᠡᠳᠦ ᠬᠡᠳᠦᠨ ᠴᠣᠬᠤᠷ᠎ᠲᠠᠢ᠂ ᠣᠷᠤᠢ ᠳᠡᠭᠡᠷ᠎ᠡ᠎ᠪᠡᠨ ᠨᠢᠭᠡ ᠬᠡᠰᠡᠭ ᠬᠠᠯᠴᠠᠭᠠᠢ᠎ᠲᠠᠢ᠂ ᠬᠣᠶᠠᠷ ᠬᠠᠴᠠᠷ᠎ᠨᠢ ᠦᠷᠴᠢᠭᠢᠷ᠂ ᠪᠠᠰᠠ ᠨᠢᠭᠤᠷ ᠴᠢᠷᠠᠢ᠎ᠶᠢᠨ ᠪᠠᠢᠳᠠᠯ᠎ᠨᠢ ᠱᠠᠮᠪᠠᠷᠠᠮ᠎ᠲᠠᠢ ᠭᠡᠳᠡᠭ᠎ᠢ ᠭᠡᠷᠡᠴᠢᠯᠡᠨ᠎ᠡ ᠁ ᠡᠨᠡ᠎ᠨᠢ᠎ᠴᠦ ᠶᠠᠭᠠᠬᠢᠶ᠎ᠠ ᠭᠡᠬᠦ ᠪᠤᠢ! ᠫᠧᠲᠷᠪᠦᠷᠢᠭ᠎ᠦᠨ ᠠᠭᠤᠷ ᠠᠮᠢᠰᠭᠤᠯ᠎ᠤᠨ ᠤᠷᠰᠢᠭ᠎ᠠᠴᠠ ᠪᠣᠯᠤᠭᠰᠠᠨ ᠪᠢᠵᠡ᠃ ᠵᠡᠷᠭᠡ ᠬᠡᠷᠭᠡᠮ᠎ᠢ᠎ᠨᠢ ᠲᠣᠳᠤᠷᠬᠠᠢᠯᠠᠪᠠᠯ᠂ ᠨᠢᠭᠡ ᠨᠠᠰᠤ᠎ᠪᠠᠷ᠎ᠢᠶᠠᠨ ᠶᠢᠰᠦᠳᠦᠭᠡᠷ ᠳᠡᠰ᠎ᠦᠨ ᠵᠥᠪᠯᠡᠭᠴᠢ᠎ᠶᠢᠨ ᠠᠯᠪᠠ ᠬᠠᠭᠠᠵᠤ ᠶᠠᠪᠤᠵᠠᠢ᠃ ᠁

ᠫᠧᠲᠷᠪᠦᠷᠢᠭ᠎ᠲᠦ᠂ ᠨᠢᠭᠡ ᠵᠢᠯ ᠳᠥᠷᠪᠡᠨ ᠵᠠᠭᠤᠨ ᠷᠦᠪᠯᠢ᠎ᠶᠢᠨ ᠴᠠᠯᠢᠩ᠎ᠲᠠᠢ ᠲᠦᠰᠢᠮᠡᠯ ᠪᠣᠯ ᠨᠢᠭᠡ ᠬᠡᠴᠡᠭᠦᠦ ᠳᠠᠢᠰᠤᠨ᠎ᠠᠴᠠ ᠰᠦᠷᠳᠡᠳᠡᠭ᠎ᠶᠦᠮ᠃ ᠡᠨᠡ ᠳᠠᠢᠰᠤᠨ᠎ᠨᠢ ᠬᠡᠨ ᠪᠤᠢ ᠭᠡᠪᠡᠯ ᠮᠠᠨ᠎ᠤ ᠤᠮᠠᠷ᠎ᠠ ᠣᠷᠤᠨ᠎ᠤ ᠬᠠᠬᠢᠷ ᠡᠪᠦᠯ᠎ᠦᠨ ᠲᠠᠰᠭᠢᠮ᠎ᠠ ᠬᠦᠢᠲᠡᠨ ᠰᠠᠯᠬᠢᠨ᠎ᠶᠤᠮ ᠁ ᠣᠢᠷ᠎ᠠ᠎ᠶᠢᠨ ᠬᠡᠳᠦᠨ ᠡᠳᠦᠷ ᠠᠺᠠᠺᠢ ᠠᠺᠠᠺᠢᠶᠸᠢᠴᠧ᠎ᠶᠢᠨ ᠳᠠᠯᠤ ᠮᠥᠷᠦ ᠪᠣᠯᠤᠨ ᠨᠢᠷᠤᠭᠤ᠎ᠪᠠᠷ᠎ᠨᠢ ᠠᠢᠬᠤᠪᠲᠤᠷ ᠵᠢᠩᠭᠢᠨᠡᠬᠦ ᠪᠣᠯᠵᠤ᠂ ᠵᠤᠷᠭᠠᠨ᠎ᠳᠠᠭᠠᠨ ᠬᠦᠷᠬᠦ ᠵᠠᠮ᠎ᠳᠠᠭᠠᠨ ᠶᠠᠭᠠᠬᠢᠵᠤ ᠬᠤᠷᠳᠤᠯᠠᠨ ᠶᠠᠪᠤᠪᠠᠴᠤ ᠶᠡᠷᠦ᠎ᠨᠢ ᠪᠣᠯᠵᠤ ᠥᠭᠬᠦ᠎ᠦᠭᠡᠢ ᠬᠦᠢᠲᠡᠨ ᠣᠷᠬᠢᠭᠠᠳ ᠪᠠᠢᠳᠠᠭ ᠪᠣᠯᠵᠠᠢ᠃ ᠰᠡᠭᠦᠯ᠎ᠳᠦᠨᠢ᠂ ᠠᠺᠠᠺᠢ ᠠᠺᠠᠺᠢᠶᠸᠢᠴᠧ ᠰᠢᠨ᠋ᠧᠯ᠎ᠳᠡᠭᠡᠨ ᠭᠡᠮ ᠪᠠᠢᠬᠤ᠎ᠶᠤᠮ ᠪᠣᠯᠪᠠ᠎ᠤᠤ ᠭᠡᠵᠦ ᠰᠡᠵᠢᠭᠯᠡᠪᠡ᠃ ᠲᠡᠢᠨ᠎ᠬᠦ ᠭᠡᠷ᠎ᠲᠡᠭᠡᠨ ᠬᠠᠷᠢᠭᠠᠳ ᠰᠢᠨᠧᠯ᠎ᠢᠶᠡᠨ ᠡᠷᠭᠢᠭᠦᠯᠵᠦ ᠲᠣᠭᠤᠷᠢᠭᠤᠯᠤᠨ ᠨᠠᠷᠢᠨ ᠪᠠᠢᠴᠠᠭᠠᠨ ᠦᠵᠡᠬᠦ᠎ᠳᠦ᠂ ᠦᠨᠡᠬᠡᠷ ᠶᠠᠭ ᠳᠠᠯᠤ ᠮᠥᠷᠦ ᠪᠣᠯᠤᠨ ᠨᠢᠷᠤᠭᠤᠨ᠎ᠤ ᠬᠢᠨᠢ ᠲᠡᠨᠳᠡ ᠬᠣᠶᠠᠷ ᠭᠤᠷᠪᠠᠨ ᠬᠡᠰᠡᠭ ᠭᠠᠵᠠᠷ ᠭᠠᠳᠠᠷ᠎ᠨᠢ ᠨᠢᠮᠭᠡᠷᠡᠭᠡᠳ ᠶᠣᠷᠤᠭ᠎ᠰᠢᠭ᠋ ᠪᠣᠯᠵᠤ᠂ ᠴᠡᠮᠪᠡ᠎ᠨᠢ ᠡᠯᠡᠭᠳᠡᠨ ᠴᠣᠭᠤᠷᠬᠤ᠎ᠳᠤ ᠳᠥᠬᠦᠵᠦ᠂ ᠳᠣᠲᠤᠷ᠎ᠨᠢ᠎ᠴᠤ ᠲᠠᠮᠲᠤᠭ᠎ᠦᠭᠡᠢ ᠶᠠᠭᠤᠮ᠎ᠠ ᠪᠣᠯᠵᠠᠢ᠃ ᠁ ᠠᠺᠠᠺᠢ ᠠᠺᠠᠺᠢᠶᠸᠢᠴᠧ ᠰᠢᠨᠧᠯ᠎ᠢᠶᠡᠨ ᠡᠢᠮᠦ ᠪᠣᠯᠤᠭᠰᠠᠨ᠎ᠢ ᠮᠡᠳᠡᠭᠡᠳ ᠣᠶᠤᠳᠠᠯᠴᠢᠨ ᠫᠧᠲᠷᠸᠢᠴᠧ᠎ᠳᠦ ᠠᠪᠴᠤ ᠣᠴᠢᠬᠤ᠎ᠪᠠᠷ ᠰᠢᠢᠳᠪᠡ᠃ ᠁

ᠠᠺᠠᠺᠢ ᠠᠺᠠᠺᠢᠶᠸᠢᠴᠧ᠂ ᠫᠧᠲᠷᠸᠢᠴᠧ᠎ᠶᠢᠨ ᠭᠡᠷ ᠬᠦᠷᠬᠦ ᠱᠠᠳᠤ᠎ᠪᠠᠷ ᠮᠠᠴᠤᠯ᠎ᠠ᠃ ᠁ ᠠᠺᠠᠺᠢ ᠠᠺᠠᠺᠢᠶᠸᠢᠴᠧ ᠱᠠᠲᠤ ᠥᠭᠡᠳᠡ ᠮᠠᠴᠤᠬᠤ ᠵᠠᠭᠤᠷ᠎ᠠ᠎ᠪᠠᠨ᠂ ᠫᠧᠲᠷᠸᠢᠴᠧ ᠬᠡᠳᠦᠢ ᠵᠣᠭᠤᠰ ᠠᠪᠤᠨ᠎ᠠ ᠭᠡᠬᠦ ᠪᠣᠯ᠂ ᠪᠢ ᠬᠠᠮᠤᠭ᠎ᠤᠨ ᠣᠯᠠᠨ᠎ᠳᠠᠭᠠᠨ ᠬᠣᠶᠠᠷ ᠷᠦᠪᠯᠢ᠎ᠡᠴᠡ ᠢᠯᠡᠭᠦᠦ ᠬᠥᠯᠦᠰᠦ ᠶᠠᠭᠠᠬᠢᠭᠰᠠᠨ᠎ᠴᠤ ᠥᠭᠬᠦ᠎ᠦᠭᠡᠢ ᠭᠡᠵᠦ ᠪᠣᠳᠤᠵᠤ ᠶᠠᠪᠤᠪᠠ᠃ ᠫᠧᠲᠷᠸᠢᠴᠧ᠎ᠶᠢᠨ ᠡᠭᠦᠳᠡ᠎ᠨᠢ ᠨᠡᠭᠡᠭᠡᠯᠲᠡᠲᠡᠢ ᠪᠠᠢᠯ᠎ᠠ᠃ ᠡᠵᠡᠭᠲᠡᠢ ᠶᠠᠮᠠᠷ ᠨᠢᠭᠡᠨ ᠵᠢᠭᠠᠰᠤ ᠬᠠᠭᠠᠷᠢᠵᠤ ᠪᠠᠢᠭᠰᠠᠨ ᠲᠤᠯᠠ ᠲᠣᠭᠤᠭᠠᠨ ᠭᠡᠷ᠎ᠨᠢ ᠬᠠᠬᠠᠭᠤᠨ ᠤᠲᠤᠭ᠎ᠠ᠎ᠪᠠᠷ ᠳᠦᠭᠦᠷᠴᠦ᠂ ᠵᠣᠣᠮ᠎ᠠ ᠭᠦᠶᠦᠵᠦ ᠶᠠᠪᠤᠪᠠᠴᠤ ᠦᠵᠡᠭᠳᠡᠬᠦ᠎ᠦᠭᠡᠢ ᠪᠠᠢᠯ᠎ᠠ᠃ ᠠᠺᠠᠺᠢ ᠠᠺᠠᠺᠢᠶᠸᠢᠴᠧ ᠲᠣᠭᠤᠭᠠᠨ ᠭᠡᠷ᠎ᠢᠶᠡᠷ᠎ᠨᠢ ᠥᠩᠭᠡᠷᠡᠬᠦ᠎ᠳᠦ ᠡᠵᠡᠭᠲᠡᠢ᠎ᠴᠦ ᠣᠯᠵᠤ ᠦᠵᠡᠭᠰᠡᠨ᠎ᠦᠭᠡᠢ᠃ ᠳᠣᠲᠤᠭᠰᠢ ᠣᠷᠤᠭᠠᠳ ᠣᠴᠢᠬᠤ᠎ᠳᠤᠨᠢ ᠫᠧᠲᠷᠸᠢᠴᠧ ᠰᠢᠷᠳᠡᠭᠡᠳᠦᠢ ᠲᠣᠮᠤ ᠮᠣᠳᠤᠨ ᠰᠢᠷᠡᠭᠡᠨ᠎ᠦ ᠬᠠᠵᠠᠭᠤ᠎ᠳᠤ ᠶᠠᠭ᠎ᠯᠠ ᠲᠦᠷᠺ᠎ᠦᠨ ᠶᠡᠷᠦᠩᠬᠡᠢᠯᠡᠭᠴᠢ᠎ᠰᠢᠭ ᠵᠠᠪᠢᠯᠠᠨ ᠰᠠᠭᠤᠵᠤ ᠪᠠᠢᠵᠠᠢ᠃ ᠦᠢᠯᠡ ᠣᠶᠤᠬᠤ᠎ᠳᠠᠭᠠᠨ ᠰᠠᠭᠤᠳᠠᠭ ᠵᠠᠩᠰᠢᠯ᠎ᠢᠶᠠᠷ᠎ᠢᠶᠠᠨ ᠬᠥᠯ ᠨᠢᠴᠦᠭᠦᠨ ᠰᠠᠭᠤᠨ᠎ᠠ᠃ ᠠᠺᠠᠺᠢ ᠠᠺᠠᠺᠢᠶᠸᠢᠴᠧ᠎ᠶᠢᠨ ᠨᠢᠳᠦᠨ᠎ᠳᠦ ᠬᠠᠮᠤᠭ᠎ᠤᠨ ᠲᠦᠷᠦᠭᠦᠦ ᠥᠷᠲᠦᠭᠰᠡᠨ᠎ᠨᠢ ᠲᠠᠨᠢᠯ ᠪᠣᠯᠤᠭᠰᠠᠨ ᠥᠨᠥᠬᠢ ᠶᠠᠰᠤᠲᠤ ᠮᠡᠯᠡᠬᠡᠢ᠎ᠶᠢᠨ ᠬᠤᠶᠠᠭ᠎ᠰᠢᠭ᠋ ᠪᠠᠷᠪᠠᠭᠠᠷ ᠡᠷᠡᠬᠡᠢ ᠬᠤᠷᠤᠭᠤᠨ᠎ᠤ ᠬᠢᠮᠤᠰᠤ ᠪᠠᠢᠯ᠎ᠠ᠃ ᠁ ᠣᠶᠤᠳᠠᠯᠴᠢᠨ ᠭᠤᠸᠠᠢ ᠵᠡᠭᠦᠦ ᠰᠦᠪᠡᠯᠡᠬᠦ ᠭᠡᠵᠦ ᠭᠤᠷᠪᠠᠨ ᠮᠢᠨ᠋ᠦ᠋ᠲ ᠬᠢᠷᠢ ᠮᠣᠩᠭᠠᠨᠢᠭᠠᠳ ᠴᠢᠳᠠᠭᠰᠠᠨ᠎ᠦᠭᠡᠢ᠎ᠳᠠᠭᠠᠨ ᠭᠡᠷ᠎ᠦᠨ᠎ᠢᠶᠡᠨ ᠬᠠᠷᠠᠩᠭᠤᠢ᠎ᠳᠤ᠂ ᠮᠥᠨ ᠲᠡᠭᠦᠨᠴᠢᠯᠡᠨ ᠤᠲᠠᠰᠤᠨ᠎ᠳᠠᠭᠠᠨ᠎ᠴᠤ ᠠᠭᠤᠷ ᠬᠦᠷᠦᠨ ᠴᠢᠬᠤᠯᠳᠠᠵᠤ᠂ ᠳᠣᠣᠷ᠎ᠠ ᠳᠠᠭᠤᠨ᠎ᠢᠶᠠᠷ: 《 ᠰᠦᠪᠡᠯᠡᠭᠳᠡᠬᠦ᠎ᠦᠭᠡᠢ ᠡ᠂ ᠮᠠᠭᠤ ᠴᠢᠰᠤ᠎ᠴᠢᠨᠢ᠂ ᠡᠨᠡ ᠬᠠᠷ᠎ᠠ ᠴᠢᠳᠭᠦᠷ ᠨᠠᠮᠠᠢ ᠦᠨᠡᠬᠡᠷ ᠵᠣᠪᠠᠭᠠᠵᠤ ᠪᠠᠢᠨ᠎ᠠ》 ᠭᠡᠨ᠎ᠡ᠃ ᠠᠺᠠᠺᠢ ᠠᠺᠠᠺᠢᠶᠸᠢᠴᠢᠧ ᠣᠶᠤᠳᠠᠯᠴᠢᠨ᠎ᠤ ᠡᠨᠡ ᠮᠡᠲᠦ ᠠᠭᠤᠷᠲᠠᠢ ᠦᠶ᠎ᠡ᠎ᠪᠡᠷ ᠢᠷᠡᠭᠰᠡᠨ᠎ᠳᠡᠭᠡᠨ ᠶᠡᠬᠡ ᠭᠡᠮᠰᠢᠪᠡ᠃ ᠠᠺᠠᠺᠢᠶᠸᠢᠴᠧ ᠲᠡᠭᠦᠨ᠎ᠢ ᠪᠠᠬᠠᠨ ᠬᠠᠯᠠᠰᠠᠭᠤ ᠪᠠᠢᠬᠤ ᠦᠶ᠎ᠡ᠎ᠪᠡᠷ᠎ᠨᠢ᠂ ᠥᠭᠡᠷ᠎ᠡ᠎ᠪᠡᠷ ᠬᠡᠯᠡᠪᠡᠯ᠂ ᠡᠬᠡᠨᠡᠷ᠎ᠦᠨ ᠬᠢᠨᠢ ᠬᠡᠯᠡᠳᠡᠭᠴᠢᠯᠡᠨ: 《ᠮᠠᠭᠤ ᠥᠷᠦᠭᠡᠰᠦᠨ ᠨᠢᠳᠦᠲᠦ᠎ᠴᠢᠨᠢ ᠪᠠᠰᠠ ᠭᠠᠰᠢᠭᠤᠨ ᠤᠰᠤᠨ᠎ᠳᠠᠭᠠᠨ ᠳᠡᠪᠲᠦᠴᠢᠬᠡᠭᠰᠡᠨ》 ᠦᠶ᠎ᠡ᠎ᠳᠦᠨᠢ ᠢᠷᠡᠬᠦ ᠳᠤᠷᠠᠲᠠᠢ᠎ᠶᠤᠮ᠃ ᠡᠢᠮᠦ ᠦᠶ᠎ᠡ᠎ᠳᠦ ᠫᠧᠲᠷᠸᠢᠴᠧ ᠯᠠᠪ ᠦᠨ᠎ᠡ᠎ᠪᠡᠨ ᠪᠠᠭᠤᠷᠠᠭᠤᠯᠳᠠᠭ ᠪᠥᠭᠡᠳ ᠰᠡᠯᠪᠢᠭᠦᠯᠬᠦ ᠭᠡᠰᠡᠨ ᠶᠠᠭᠤᠮ᠎ᠠ᠎ᠶᠢ ᠠᠮᠠᠷᠬᠠᠨ ᠬᠦᠯᠢᠶᠡᠨ ᠠᠪᠬᠤ᠎ᠪᠠᠷ ᠦᠯᠦ ᠪᠠᠷᠠᠮ ᠪᠠᠰᠠ᠎ᠴᠤ ᠲᠠᠯᠠᠷᠬᠠᠨ ᠮᠡᠬᠦᠢᠨ ᠶᠣᠰᠤᠯᠠᠳᠠᠭ ᠠᠵᠢ᠃ ᠬᠡᠯᠡᠯᠭᠡᠨ᠎ᠦᠭᠡᠢ᠂ ᠳᠠᠷᠠᠭ᠎ᠠ᠎ᠨᠢ ᠡᠬᠡᠨᠡᠷ᠎ᠨᠢ ᠤᠬᠢᠯᠠᠩᠨᠠᠨ ᠭᠦᠶᠦᠵᠦ ᠢᠷᠡᠭᠡᠳ᠂ ᠡᠷ᠎ᠡ᠎ᠮᠢᠨᠢ ᠰᠣᠭᠲᠤᠭᠤ᠎ᠪᠠᠷ᠎ᠢᠶᠠᠨ ᠬᠡᠲᠦᠷᠬᠡᠢ ᠬᠢᠮᠳᠠ ᠬᠥᠯᠦᠰᠦ ᠠᠪᠤᠭᠰᠠᠨ ᠲᠤᠯᠠ ᠵᠣᠭᠤᠰ ᠨᠡᠮᠡᠵᠦ ᠠᠪᠤᠨ᠎ᠠ ᠭᠡᠳᠡᠭ᠃ ᠲᠡᠭᠡᠬᠦᠯᠡᠷ᠎ᠨᠢ ᠠᠷᠪᠠᠨ ᠮᠥᠩᠭᠦ ᠨᠡᠮᠡᠭᠡᠳ ᠥᠭᠴᠢᠬᠡᠪᠡᠯ ᠠᠯᠢᠪᠠ ᠬᠡᠷᠡᠭ ᠲᠡᠭᠦᠰᠦᠨ᠎ᠡ᠃ ᠡᠳᠦᠭᠡ ᠫᠧᠲᠷᠸᠢᠴᠧ ᠯᠠᠪ ᠡᠷᠡᠭᠦᠯ ᠪᠠᠢᠭ᠎ᠠ ᠲᠤᠯᠠ ᠰᠢᠷᠦᠭᠦᠨ ᠠᠭᠠᠰᠢᠲᠠᠢ ᠪᠥᠭᠡᠳ ᠦᠭᠡ ᠬᠡᠯᠡᠯᠴᠡᠬᠦ᠎ᠳᠦ ᠵᠥᠷᠢᠭᠦᠳ᠎ᠶᠦᠮ᠃ ᠬᠡᠳᠦᠢ ᠶᠡᠬᠡ ᠬᠥᠯᠦᠰᠦ ᠠᠪᠤᠨ᠎ᠠ ᠭᠡᠬᠦ᠎ᠶᠢ᠎ᠴᠦ ᠪᠤᠤ ᠮᠡᠳᠡ᠃ ᠠᠺᠠᠺᠢ ᠠᠺᠠᠺᠢᠶᠸᠢᠴᠧ ᠡᠨᠡ ᠪᠠᠢᠳᠠᠯ᠎ᠢ ᠮᠡᠳᠡᠭᠡᠳ ᠤᠬᠤᠷᠢᠵᠤ ᠭᠠᠷᠤᠶ᠎ᠠ ᠭᠡᠵᠦ ᠪᠣᠳᠤᠭᠰᠠᠨ ᠪᠣᠯᠪᠠᠴᠤ ᠫᠧᠲᠷᠸᠢᠴᠧ ᠥᠷᠦᠭᠡᠰᠦᠨ ᠨᠢᠳᠦ᠎ᠪᠡᠨ ᠣᠨᠢᠢᠯᠭᠠᠨ ᠰᠢᠷᠲᠡᠬᠦ ᠲᠤᠯᠠ ᠵᠠᠪᠳᠤᠬᠤ᠎ᠦᠭᠡᠢ ᠪᠣᠯᠪᠠ᠃ ᠲᠡᠢᠨ᠎ᠬᠦ ᠠᠺᠠᠺᠢᠶᠸᠢᠴᠧ ᠠᠷᠭ᠎ᠠ ᠪᠤᠶᠤ ᠠᠮᠠ ᠨᠡᠭᠡᠭᠡᠨ: 《ᠲᠠ ᠰᠠᠢᠨ᠎ᠤᠤ᠂ ᠫᠧᠲᠷᠸᠢᠴᠧ ᠭᠤᠸᠠᠢ!》 ᠭᠡᠪᠡ᠃ 《ᠨᠣᠶᠠᠨᠲᠠᠨ ᠲᠠᠨ᠎ᠳᠤ ᠮᠡᠨᠳᠦ ᠠᠢᠯᠠᠳᠭᠠᠶ᠎ᠠ!》 ᠭᠡᠵᠦ ᠫᠧᠲᠷᠸᠢᠴᠧ ᠬᠡᠯᠡᠬᠦ ᠳᠠᠭᠠᠤ᠎ᠪᠠᠨ ᠣᠯᠵᠠ ᠣᠷᠤᠭᠤᠯᠬᠤ ᠶᠠᠮᠠᠷ ᠶᠠᠭᠤᠮ᠎ᠠ ᠠᠪᠴᠢᠷᠠᠭᠰᠠᠨ᠎ᠢ᠎ᠨᠢ ᠮᠡᠳᠡᠬᠦ ᠭᠡᠵᠦ ᠭᠠᠷ ᠤᠷᠤᠭᠤ᠎ᠨᠢ ᠥᠷᠦᠭᠡᠰᠦᠨ ᠨᠢᠳᠦ᠎ᠪᠡᠷ᠎ᠢᠶᠡᠨ ᠰᠠᠢᠲᠤᠷ ᠠᠵᠢᠭᠯᠠᠨ᠎ᠠ᠃

《ᠪᠢ᠂ ᠫᠧᠲᠷᠸᠢᠴᠧ ᠲᠠᠨ᠎ᠤ ᠡᠨᠳᠡ ᠢᠷᠡᠭᠰᠡᠨ ᠬᠡᠷᠡᠭ ᠪᠣᠯ ᠲᠡᠭᠦᠨ᠎ᠢ ᠁》 ᠤᠩᠰᠢᠭᠴᠢᠳ ᠲᠠ ᠪᠦᠬᠦᠨ ᠰᠠᠢᠲᠤᠷ ᠮᠡᠳᠡᠵᠦ ᠠᠪᠤᠭᠠᠷᠠᠢ᠂ ᠠᠺᠠᠺᠢ ᠠᠺᠠᠺᠢᠶᠸᠢᠴᠧ ᠶᠠᠮᠠᠷ ᠨᠢᠭᠡᠨ ᠤᠴᠢᠷ ᠶᠠᠪᠤᠳᠠᠯ᠎ᠢ ᠲᠣᠳᠤᠷᠬᠠᠢᠯᠠᠬᠤ ᠭᠡᠪᠡᠯ ᠤᠷᠢᠳᠠᠪᠠᠷ ᠵᠠᠪᠠᠯ ᠡᠳᠦᠢ ᠲᠡᠳᠦᠢ ᠤᠭᠲᠤᠪᠤᠷᠢ ᠬᠡᠯᠡᠭᠡᠳ ᠬᠠᠮᠤᠭ᠎ᠤᠨ ᠰᠡᠭᠦᠯ᠎ᠳᠦᠨᠢ ᠪᠠᠰᠠ ᠶᠠᠮᠠᠷ᠎ᠴᠤ ᠤᠳᠭ᠎ᠠ ᠠᠭᠤᠯᠭ᠎ᠠ᠎ᠦᠭᠡᠢ ᠪᠠᠬᠠᠨ ᠰᠤᠯᠠ ᠦᠭᠡ ᠬᠡᠯᠡᠳᠡᠭ᠎ᠶᠦᠮ᠃ ᠬᠡᠷᠪᠡ ᠪᠤᠳᠤᠯᠢᠶᠠᠨᠲᠠᠢ ᠤᠴᠢᠷ ᠲᠣᠬᠢᠶᠠᠯᠳᠤᠪᠠᠯ ᠪᠦᠲᠦᠨ ᠥᠭᠦᠯᠡᠪᠦᠷᠢ ᠬᠡᠯᠡᠵᠦ ᠴᠢᠳᠠᠬᠤ᠎ᠦᠭᠡᠢ ᠪᠣᠯᠵᠤ 《ᠡᠨᠡ᠂ ᠦᠨᠡᠨ᠎ᠢ ᠬᠡᠯᠡᠪᠡᠯ ᠯᠠᠪ ᠡᠢᠮᠦ ᠁》 ᠭᠡᠭᠰᠡᠭᠡᠷ ᠪᠠᠢᠭᠠᠳ ᠡᠴᠦᠰ᠎ᠲᠡᠭᠡᠨ ᠶᠠᠭᠤ᠎ᠴᠤ ᠬᠡᠯᠡᠵᠦ ᠭᠠᠷᠭᠠᠬᠤ᠎ᠦᠭᠡᠢ᠎ᠶᠤᠮ᠃ ᠥᠪᠡᠷ᠎ᠢᠶᠡᠨ᠎ᠴᠦ ᠬᠡᠯᠡᠬᠦ ᠭᠡᠰᠡᠨ ᠦᠭᠡ᠎ᠪᠡᠨ ᠴᠥᠮ᠎ᠢ ᠮᠠᠷᠲᠠᠵᠤ ᠣᠷᠬᠢᠳᠠᠭ᠃ ᠤᠴᠢᠷ᠎ᠨᠢ᠂ ᠬᠡᠷᠡᠭ᠎ᠲᠡᠢ ᠦᠭᠡ᠎ᠪᠡᠨ ᠴᠥᠮ᠎ᠢ ᠬᠡᠯᠡᠴᠢᠬᠡᠯ᠎ᠡ ᠭᠡᠵᠦ ᠪᠣᠳᠤᠳᠠᠭ ᠪᠠᠢᠵᠠᠢ᠃

《ᠶᠠᠮᠠᠷ ᠬᠡᠷᠡᠭ᠎ᠢᠶᠡᠷ ᠢᠷᠡᠪᠡ?》 ᠭᠡᠵᠦ ᠫᠧᠲᠷᠸᠢᠴᠧ ᠠᠰᠠᠭᠤᠭᠠᠳ ᠥᠷᠦᠭᠡᠰᠦᠨ ᠨᠢᠳᠦ᠎ᠪᠡᠷ᠎ᠢᠶᠡᠨ ᠠᠺᠠᠺᠢ ᠠᠺᠠᠺᠢᠶᠸᠢᠴᠧ᠎ᠶᠢᠨ ᠠᠯᠪᠠᠨ ᠬᠤᠪᠴᠠᠰᠤ᠎ᠶᠢ ᠵᠠᠬ᠎ᠠ᠎ᠠᠴᠠ᠎ᠨᠢ ᠠᠪᠤᠭᠠᠳ ᠬᠠᠨᠴᠤᠢ᠂ ᠬᠣᠷᠮᠤᠢ᠂ ᠠᠷᠤ ᠪᠡᠶ᠎ᠡ᠂ ᠬᠣᠷᠮᠤᠢ ᠬᠣᠲᠠ᠂ ᠲᠣᠪᠴᠢ᠎ᠶᠢᠨ ᠨᠦᠬᠡᠨ᠎ᠳᠦᠨᠢ ᠬᠦᠷᠲᠡᠯ᠎ᠡ ᠨᠠᠷᠢᠨ ᠠᠵᠢᠭᠯᠠᠯ᠎ᠠ᠃ ᠁

《ᠮᠢᠨᠦ ᠲᠡᠷᠡ᠂ ᠫᠧᠲᠷᠸᠢᠴᠧ ᠁ ᠰᠢᠨ᠋ᠧᠯ᠂ ᠴᠡᠮᠪᠡ ᠁ ᠴᠢ ᠦᠵᠡ᠂ ᠥᠭᠡᠷ᠎ᠡ ᠭᠠᠵᠠᠷ᠎ᠨᠢ ᠴᠥᠮ ᠰᠠᠢᠨ ᠪᠠᠢᠭᠰᠠᠭᠠᠷ᠂ ᠳᠡᠭᠡᠷ᠎ᠡ᠎ᠨᠢ ᠪᠠᠬᠠᠨ ᠲᠣᠭᠤᠰᠤ ᠰᠠᠭᠤᠭᠰᠠᠨ ᠪᠣᠯᠬᠣᠷ ᠬᠠᠭᠤᠴᠢᠨ ᠶᠠᠭᠤᠮ᠎ᠠ᠎ᠰᠢᠭ᠋ ᠬᠠᠷᠠᠭᠳᠠᠨ᠎ᠠ᠃ ᠦᠨᠡᠨ᠎ᠳᠡᠭᠡᠨ ᠪᠣᠯ ᠰᠢᠨ᠎ᠡ᠎ᠪᠡᠷ᠎ᠢᠶᠡᠨ ᠪᠠᠢᠭᠰᠠᠭᠠᠷ᠂ ᠨᠢᠭᠡ᠎ᠯᠡ ᠭᠠᠵᠠᠷ᠎ᠨᠢ ᠲᠡᠷᠡ ᠁ ᠠᠷᠤ᠎ᠳᠤᠨᠢ ᠬᠡᠰᠡᠭ ᠭᠠᠵᠠᠷ᠂ ᠪᠠᠰᠠ ᠥᠷᠦᠭᠡᠰᠦᠨ ᠮᠥᠷᠦᠨ᠎ᠦ ᠬᠢᠨᠢ ᠲᠡᠨᠳᠡ ᠪᠠᠭ᠎ᠠ ᠡᠯᠡᠭᠳᠡᠵᠡᠢ᠃ ᠲᠠ ᠦᠵᠡ ᠳ᠋ᠠ᠂ ᠡᠨᠡ ᠮᠥᠷᠦᠨ᠎ᠦ ᠬᠢᠨᠢ ᠡᠨᠳᠡ᠂ ᠡᠢᠮᠦᠬᠡᠨ ᠭᠠᠵᠠᠷ ᠳᠡᠮᠡᠢ ᠶᠡᠬᠡ ᠠᠵᠢᠯ ᠣᠷᠤᠬᠤ᠎ᠦᠭᠡᠢ ᠁》

ᠫᠧᠲᠷᠸᠢᠴᠧ ᠰᠢᠨᠧᠯ᠎ᠢ᠎ᠨᠢ ᠠᠪᠴᠤ ᠰᠢᠷᠡᠭᠡᠨ ᠳᠡᠭᠡᠷ᠎ᠡ ᠳᠡᠯᠭᠡᠨ ᠲᠠᠯᠪᠢᠭᠠᠳ᠂ ᠨᠠᠷᠢᠨ ᠨᠢᠮᠪᠠᠢ ᠦᠵᠡᠵᠦ ᠦᠵᠡᠴᠢᠬᠡᠭᠡᠳ᠂ ᠲᠣᠯᠤᠭᠠᠢ ᠰᠡᠭᠰᠦᠷᠪᠡ᠃ ᠲᠡᠭᠡᠭᠡᠳ ᠴᠣᠩᠬᠤᠨ᠎ᠤ ᠲᠠᠢᠵᠠ ᠤᠷᠤᠭᠤ᠎ᠪᠠᠨ ᠭᠠᠷ ᠰᠤᠩᠭᠠᠨ᠂ ᠬᠠᠮᠠᠷ᠎ᠤᠨ ᠲᠠᠮᠠᠬᠢᠨ᠎ᠤ ᠪᠤᠮᠪᠠᠭᠠᠷ ᠰᠠᠪᠠ᠎ᠪᠠᠨ ᠠᠪᠤᠯ᠎ᠠ᠃ ᠁ ᠫᠧᠲᠷᠸᠢᠴᠧ ᠬᠠᠮᠠᠷ ᠲᠠᠲᠠᠬᠤ᠎ᠶᠢᠨ ᠳᠠᠭᠠᠤ ᠬᠣᠶᠠᠷ ᠭᠠᠷ᠎ᠢᠶᠠᠷ᠎ᠢᠶᠠᠨ ᠰᠢᠨᠧᠯ᠎ᠢ ᠭᠡᠷᠡᠯ ᠥᠭᠡᠳᠡ ᠲᠡᠯᠡᠨ ᠪᠠᠷᠢᠵᠤ ᠦᠵᠡᠭᠡᠳ᠂ ᠪᠠᠰᠠ ᠳᠠᠬᠢᠨ ᠲᠣᠯᠤᠭᠠᠢ᠎ᠪᠠᠨ ᠰᠡᠭᠰᠦᠷᠪᠡ᠃ ᠳᠠᠬᠢᠭᠠᠳ ᠨᠥᠭᠦᠭᠡ ᠴᠠᠭᠠᠰᠤ ᠨᠠᠭᠠᠯᠲᠠᠲᠠᠢ ᠭᠧᠨᠧᠷᠡᠯ᠎ᠦᠨ ᠵᠢᠷᠤᠭ᠎ᠲᠠᠢ ᠰᠠᠪᠠ᠎ᠶᠢᠨ ᠲᠠᠭᠯᠠᠭ᠎ᠠ᠎ᠶᠢ ᠨᠡᠭᠡᠭᠡᠵᠦ ᠲᠠᠮᠠᠬᠢ ᠴᠢᠮᠬᠢᠨ ᠠᠪᠴᠤ ᠲᠠᠲᠠᠭᠠᠳ᠂ ᠰᠠᠪᠠ᠎ᠪᠠᠨ ᠲᠠᠭᠯᠠᠨ ᠴᠠᠰᠢ ᠲᠠᠯᠪᠢᠨ:

《ᠪᠣᠯᠬᠤ᠎ᠦᠭᠡᠢ᠂ ᠨᠥᠬᠦᠵᠦ ᠪᠣᠯᠬᠤ᠎ᠦᠭᠡᠢ᠂ ᠨᠡᠢᠳᠡᠮ᠎ᠳᠡᠭᠡᠨ ᠪᠣᠯᠬᠤ᠎ᠪᠠᠨ ᠪᠣᠯᠢᠵᠠᠢ》 ᠭᠡᠪᠡ᠃ ᠡᠨᠡ ᠦᠭᠡ᠎ᠶᠢ ᠰᠣᠨᠤᠰᠤᠮᠠᠭᠴᠠ᠎ᠪᠠᠨ ᠠᠺᠠᠺᠢ ᠠᠺᠠᠺᠢᠶᠸᠢᠴᠧ᠎ᠶᠢᠨ ᠵᠢᠷᠦᠬᠡ ᠴᠣᠬᠢᠯᠠᠵᠤ:

《ᠶᠠᠭᠠᠬᠢᠭᠰᠠᠨ ᠨᠥᠬᠦᠵᠦ ᠪᠣᠯᠬᠤ᠎ᠦᠭᠡᠢ᠎ᠶᠤᠮ᠂ ᠫᠧᠲᠷᠸᠢᠴᠧ ᠡ? ᠮᠥᠷᠦᠨ ᠳᠡᠭᠡᠷ᠎ᠡ᠎ᠪᠡᠨ᠎ᠯᠡ ᠡᠯᠡᠭᠰᠡᠨ᠎ᠶᠦᠮ᠃ ᠲᠠᠨ᠎ᠳᠤ ᠴᠡᠮᠪᠡ᠎ᠶᠢᠨ ᠥᠭᠡᠳᠡᠰᠦ ᠪᠤᠢ ᠰᠢᠤ ᠳ᠋ᠠ ᠁》 ᠭᠡᠵᠦ ᠬᠡᠦᠬᠡᠳ᠎ᠦᠨ ᠭᠤᠶᠤᠴᠢᠯᠠᠯ᠎ᠤᠨ ᠳᠠᠭᠤᠨ᠎ᠰᠢᠭ᠋ ᠬᠣᠭᠤᠯᠠᠢ᠎ᠪᠠᠷ ᠬᠡᠯᠡᠪᠡ᠃

《ᠴᠡᠮᠪᠡ᠎ᠶᠢᠨ ᠥᠭᠡᠳᠡᠰᠦ ᠡᠷᠢᠵᠦ ᠪᠣᠯᠤᠨ᠎ᠠ᠃ ᠲᠡᠢᠮᠦ ᠶᠠᠭᠤᠮ᠎ᠠ᠎ᠴᠤ ᠣᠯᠳᠠᠬᠤ ᠪᠠᠢᠬᠤ᠃ ᠭᠡᠪᠡᠴᠦ ᠨᠥᠬᠦᠵᠦ ᠪᠣᠯᠬᠤ᠎ᠦᠭᠡᠢ ᠰᠢᠤ᠂ ᠰᠢᠨᠧᠯ᠎ᠴᠢᠨᠢ ᠪᠦᠷ ᠪᠣᠯᠬᠤ᠎ᠪᠠᠨ ᠪᠣᠯᠢᠵᠠᠢ᠂ ᠵᠡᠭᠦᠦ ᠬᠦᠷᠦᠮᠡᠭᠴᠡ᠎ᠯᠡ ᠰᠡᠮᠡᠷᠡᠨ᠎ᠡ》 ᠭᠡᠵᠦ ᠫᠧᠲᠷᠸᠢᠴᠧ ᠬᠡᠯᠡᠪᠡ᠃

《ᠰᠡᠮᠡᠷᠡᠪᠡᠯ ᠰᠡᠮᠡᠷᠡᠭ᠂ ᠲᠠ ᠳᠠᠬᠢᠭᠠᠳ ᠲᠡᠷᠡ ᠰᠡᠮᠡᠷᠡᠭᠰᠡᠨ ᠭᠠᠵᠠᠷ᠎ᠲᠤᠨᠢ ᠨᠥᠬᠦᠭᠡᠰᠦ ᠲᠠᠯᠪᠢᠴᠢᠬ᠎ᠠ᠃ 》

《ᠠᠯᠢᠨ᠎ᠳᠤᠨᠢ ᠨᠥᠬᠦᠭᠡᠰᠦ ᠲᠠᠯᠪᠢᠭᠠᠳ ᠪᠠᠷᠠᠬᠤ᠎ᠶᠤᠮ? ᠨᠥᠬᠦᠭᠡᠰᠦ ᠲᠠᠯᠪᠢᠯ᠎ᠠ ᠭᠡᠳ ᠲᠤᠰᠠ ᠭᠠᠷᠬᠤ᠎ᠦᠭᠡᠢ ᠰᠢᠤ ᠬᠡᠲᠦᠷᠬᠡᠢ ᠮᠠᠭᠤᠳᠠᠴᠢᠬᠠᠵᠠᠢ᠃ ᠴᠡᠮᠪᠡ ᠭᠡᠵᠦ ᠰᠠᠢᠬᠠᠨ ᠨᠡᠷᠡᠲᠡᠢ ᠪᠣᠯᠪᠠᠴᠤ ᠰᠠᠯᠬᠢ ᠦᠵᠡᠪᠡᠯ ᠰᠡᠮᠡᠷᠡᠨ ᠤᠷᠠᠭᠳᠠᠬᠤ ᠶᠠᠭᠤᠮ᠎ᠠ ᠪᠣᠯᠵᠠᠢ᠃ 》

《ᠨᠥᠬᠦᠭᠡᠳ ᠠᠯᠢ ᠡ! ᠶᠠᠭᠠᠬᠢᠵᠤ ᠬᠡᠯᠡᠬᠦ ᠪᠢᠯᠡ᠂ ᠦᠨᠡᠨ ᠲᠡᠭᠦᠨ᠎ᠢ ᠁》

《ᠪᠣᠯᠬᠤ᠎ᠦᠭᠡᠢ᠂ ᠶᠠᠮᠠᠷ᠎ᠴᠤ ᠠᠷᠭ᠎ᠠ ᠠᠯᠠᠭ᠎ᠠ᠃ ᠬᠡᠲᠦᠷᠬᠡᠢ ᠮᠠᠭᠤᠳᠠᠴᠢᠬᠠᠵᠠᠢ᠃ ᠲᠠ ᠡᠭᠦᠨ᠎ᠢ᠎ᠪᠡᠨ ᠤᠷᠠᠭᠠᠳ ᠡᠪᠦᠯ᠎ᠦᠨ ᠬᠦᠢᠲᠡᠨ᠎ᠳᠦ ᠬᠥᠯ᠎ᠦᠨ ᠣᠷᠢᠶᠠᠯᠲᠠ ᠪᠣᠯᠭᠠᠴᠢᠬ᠎ᠠ᠃ ᠣᠢᠮᠤᠰᠤ ᠳᠤᠯᠠᠭᠠᠨ᠎ᠦᠭᠡᠢ ᠪᠠᠢᠳᠠᠭ᠂ ᠣᠢᠮᠤᠰᠤ ᠭᠡᠳᠡᠭ ᠶᠠᠭᠤᠮ᠎ᠠ᠎ᠶᠢ ᠭᠧᠷᠮᠠᠨ ᠬᠥᠮᠦᠰ ᠵᠣᠭᠤᠰ ᠮᠥᠩᠭᠦ ᠢᠯᠡᠭᠦᠦ ᠬᠣᠨᠵᠢᠬᠤ᠎ᠶᠢᠨ ᠲᠥᠯᠦᠭᠡ ᠪᠣᠳᠤᠵᠤ ᠭᠠᠷᠭᠠᠭᠰᠠᠨ᠎ᠶᠤᠮ ᠁ ᠭᠡᠪᠡᠴᠦ ᠲᠠ ᠵᠠᠪᠠᠯ ᠰᠢᠨ᠎ᠡ ᠰᠢᠨ᠋ᠧᠯ ᠬᠢᠬᠦ ᠬᠡᠷᠡᠭᠲᠡᠢ ᠪᠠᠢᠨ᠎ᠠ》 ᠭᠡᠵᠦ ᠫᠧᠲᠷᠸᠢᠴᠧ ᠬᠡᠯᠡᠪᠡ᠃

《ᠰᠢᠨ᠎ᠡ》 ᠭᠡᠰᠡᠨ ᠦᠭᠡ᠎ᠶᠢ ᠰᠣᠨᠤᠰᠤᠭᠠᠳ ᠠᠺᠠᠺᠢ ᠠᠺᠠᠺᠢᠶᠸᠢᠴᠧ᠎ᠶᠢᠨ ᠨᠢᠳᠦ ᠡᠷᠢᠶᠡᠯᠵᠡᠯᠡᠨ᠂ ᠭᠡᠷ ᠳᠣᠲᠤᠷᠠᠬᠢ ᠶᠠᠭᠤᠮᠠᠰ ᠳᠡᠭᠡᠭᠰᠢ ᠳᠣᠷᠤᠭᠰᠢ ᠬᠠᠷᠠᠭᠳᠠᠨ ᠦᠵᠡᠭᠳᠡᠪᠡ᠃ ᠲᠡᠭᠡᠭᠡᠳ ᠭᠠᠭᠴᠠ᠎ᠬᠦ ᠴᠠᠭᠠᠰᠤ ᠨᠠᠭᠠᠯᠲᠠᠲᠠᠢ ᠭᠧᠨᠧᠷᠡᠯ᠎ᠦᠨ ᠬᠥᠷᠦᠭ᠎ᠡᠴᠡ ᠥᠭᠡᠷ᠎ᠡ ᠶᠠᠭᠤ᠎ᠴᠤ ᠬᠠᠷᠠᠭᠳᠠᠬᠤ᠎ᠦᠭᠡᠢ ᠪᠣᠯᠵᠤ ᠢᠷᠡᠯ᠎ᠡ᠃ 《ᠶᠠᠭᠤ ᠭᠡᠨ᠎ᠡ᠂ ᠰᠢᠨ᠎ᠡ ᠰᠢᠨ᠋ᠧᠯ ᠬᠢᠨ᠎ᠠ ᠭᠡᠪᠡ᠎ᠦᠦ? ᠭᠡᠪᠡᠴᠦ ᠲᠡᠢᠮᠦ ᠶᠡᠬᠡ ᠵᠣᠭᠤᠰ ᠪᠠᠢᠬᠤ᠎ᠦᠭᠡᠢ ᠰᠢᠤ》 ᠭᠡᠵᠦ ᠬᠡᠯᠡᠭᠡᠳ ᠳᠠᠬᠢᠨ ᠶᠠᠭ ᠵᠡᠭᠦᠳᠦ ᠵᠡᠷᠭᠡᠯᠭᠡᠨ ᠳᠤᠮᠳᠠ ᠶᠠᠷᠢᠵᠤ ᠪᠠᠢᠬᠤ ᠮᠡᠲᠦ ᠪᠣᠳᠤᠭᠳᠠᠨ᠎ᠠ᠃

《ᠲᠠᠭᠠᠷᠠᠨ᠎ᠠ᠂ ᠰᠢᠨ᠎ᠡ ᠰᠢᠨ᠋ᠧᠯ ᠬᠢᠬᠦ ᠬᠡᠷᠡᠭᠲᠡᠢ》 ᠭᠡᠵᠦ ᠫᠧᠲᠷᠸᠢᠴᠧ ᠣᠭᠲᠤᠬᠠᠨ᠎ᠴᠤ ᠠᠵᠢᠭ᠎ᠦᠭᠡᠢ ᠬᠦᠢᠲᠡᠮᠰᠦᠭ ᠬᠡᠯᠡᠪᠡ᠃

《ᠲᠡᠢᠮᠦ ᠪᠣᠯ᠂ ᠬᠡᠷᠪᠡ ᠵᠠᠪᠠᠯ ᠰᠢᠨ᠎ᠡ ᠰᠢᠨ᠋ᠧᠯ ᠬᠢᠬᠦ᠎ᠳᠦ ᠬᠦᠷᠪᠡᠯ᠂ ᠲᠡᠷᠡ᠎ᠨᠢ ᠁》

《ᠲᠠ ᠬᠡᠳᠦᠢ ᠮᠥᠩᠭᠦ ᠵᠣᠭᠤᠰ ᠣᠷᠤᠬᠤ᠎ᠶᠢ ᠠᠰᠠᠭᠤᠵᠤ ᠪᠠᠢᠨ᠎ᠠ᠎ᠤᠤ?》

《ᠲᠡᠢᠮᠦ᠃ 》 《ᠬᠠᠮᠤᠭ᠎ᠤᠨ ᠨᠠᠭᠠᠳᠤ ᠵᠠᠬ᠎ᠠ᠎ᠨᠢ ᠵᠠᠭᠤᠨ ᠲᠠᠪᠢᠨ ᠷᠦᠪᠯᠢ ᠬᠡᠷᠡᠭᠲᠡᠢ》 ᠭᠡᠵᠦ ᠬᠡᠯᠡᠭᠡᠳ ᠫᠧᠲᠷᠸᠢᠴᠧ ᠤᠴᠢᠷ ᠤᠳᠭᠠᠲᠠᠢᠬᠠᠨ ᠤᠷᠤᠭᠤᠯ᠎ᠢᠶᠠᠨ ᠵᠢᠮᠢᠢᠯᠭᠡᠪᠡ᠃ ᠁

《ᠨᠢᠭᠡ ᠵᠠᠬ᠎ᠠ ᠰᠢᠨ᠋ᠧᠯ ᠬᠢᠬᠦ᠎ᠳᠦ ᠵᠠᠭᠤᠨ ᠲᠠᠪᠢᠨ ᠷᠦᠪᠯᠢ ᠬᠡᠷᠡᠭᠲᠡᠢ ᠭᠡᠵᠦ᠎ᠦᠦ!》 ᠭᠡᠳ ᠬᠥᠭᠡᠷᠦᠬᠦᠢ ᠠᠺᠠᠺᠢ ᠠᠺᠠᠺᠢᠶᠸᠢᠴᠧ ᠥᠨᠳᠦᠷ ᠳᠠᠭᠤᠨ᠎ᠢᠶᠠᠷ ᠬᠠᠰᠭᠢᠷᠤᠯ᠎ᠠ᠃ ᠬᠥᠮᠦᠨ ᠪᠣᠯᠤᠭᠰᠠᠨ᠎ᠠᠴᠠ ᠨᠠᠰᠢ ᠠᠩᠬ᠎ᠠ ᠤᠳᠠᠭ᠎ᠠ ᠢᠩᠭᠢᠵᠦ ᠥᠨᠳᠦᠷ ᠳᠠᠭᠤᠨ᠎ᠢᠶᠠᠷ ᠬᠠᠰᠭᠢᠷᠤᠭᠰᠠᠨ ᠪᠠᠢᠬᠤ᠃ ᠤᠴᠢᠷ᠎ᠨᠢ ᠡᠨᠡ ᠲᠦᠰᠢᠮᠡᠯ ᠭᠤᠸᠠᠢ ᠬᠡᠵᠢᠶᠡᠳᠡ ᠨᠠᠮ ᠳᠠᠭᠤᠨ᠎ᠢᠶᠠᠷ ᠶᠠᠷᠢᠬᠤ᠎ᠶᠢ ᠡᠷᠬᠢᠮᠯᠡᠳᠡᠭ᠎ᠶᠦᠮ᠃

《ᠲᠡᠢᠮᠦ᠂ ᠲᠡᠭᠡᠬᠦ᠎ᠳᠡᠭᠡᠨ ᠶᠠᠭᠤ᠎ᠪᠠᠷ ᠬᠢᠬᠦ᠎ᠶᠢ᠎ᠨᠢ ᠪᠠᠰᠠ ᠪᠣᠳᠤᠬᠤ ᠬᠡᠷᠡᠭᠲᠡᠢ᠃ ᠬᠡᠷᠪᠡ ᠵᠠᠭᠠᠮ᠎ᠠ᠎ᠶᠢ᠎ᠨᠢ ᠪᠤᠯᠠᠭ᠎ᠠ᠎ᠪᠠᠷ ᠬᠢᠵᠦ᠂ ᠦᠷᠭᠦᠯᠵᠢ ᠮᠠᠯᠠᠭᠠᠢ᠎ᠶᠢ᠎ᠨᠢ ᠲᠣᠷᠭ᠎ᠠ᠎ᠪᠠᠷ ᠳᠣᠲᠤᠷᠯᠠᠬᠤ᠎ᠳᠤ ᠬᠦᠷᠪᠡᠯ ᠬᠣᠶᠠᠷ ᠵᠠᠭᠤᠨ ᠷᠦᠪᠯᠢ ᠣᠷᠤᠨ᠎ᠠ ᠰᠢᠤ》 ᠭᠡᠵᠦ ᠫᠧᠲᠷᠸᠢᠴᠧ ᠬᠡᠯᠡᠪᠡ᠃

ᠠᠺᠠᠺᠢ ᠠᠺᠠᠺᠢᠶᠸᠢᠴᠧ : 《ᠫᠧᠲᠷᠸᠢᠴᠧ᠂ ᠪᠢ ᠲᠠᠨ᠎ᠢ ᠴᠢᠯᠡᠭᠡᠶ᠎ᠡ᠂ ᠲᠠ ᠨᠠᠳᠠ ᠰᠢᠨᠧᠯ᠎ᠢ ᠠᠷᠭᠠᠯᠠᠵᠤ ᠪᠠᠢᠭᠠᠳ ᠨᠥᠬᠦᠵᠦ ᠥᠭᠭᠦᠭᠡᠴᠢ᠂ ᠳᠥᠩᠭᠡᠭᠡᠳ ᠡᠮᠦᠰᠬᠦ᠎ᠲᠡᠢ ᠪᠣᠯᠪᠠᠯ ᠪᠣᠯᠴᠢᠬᠠᠨ᠎ᠠ》 ᠭᠡᠵᠦ ᠬᠡᠯᠡᠬᠦ᠎ᠳᠡᠭᠡᠨ ᠫᠧᠲᠷᠸᠢᠴᠧ᠎ᠶᠢᠨ ᠬᠡᠯᠡᠭᠰᠡᠨ ᠦᠭᠡ ᠪᠣᠯᠤᠨ ᠲᠡᠭᠦᠨ᠎ᠦ ᠦᠷ᠎ᠡ ᠳ᠋ᠦᠩ᠎ᠢ ᠰᠣᠨᠤᠰᠤᠭᠰᠠᠨ᠎ᠦᠭᠡᠢ᠂ ᠰᠣᠨᠤᠰᠬᠤ᠎ᠶᠢ᠎ᠴᠤ ᠬᠦᠰᠡᠬᠦ᠎ᠦᠭᠡᠢ᠎ᠶᠦᠮ᠃

《ᠪᠣᠯᠬᠤ᠎ᠦᠭᠡᠢ᠂ ᠲᠡᠭᠡᠪᠡᠯ ᠦᠷ᠎ᠡ ᠳ᠋ᠦᠩ᠎ᠳᠦᠨᠢ ᠬᠦᠴᠦ ᠪᠠ ᠵᠣᠭᠤᠰ᠎ᠢᠶᠠᠨ ᠲᠠᠯᠠᠭᠠᠷ ᠰᠦᠢᠳᠭᠡᠬᠦ ᠪᠣᠯᠤᠨ᠎ᠠ》 ᠭᠡᠵᠦ ᠫᠧᠲᠷᠸᠢᠴᠧ ᠬᠡᠯᠡᠪᠡ᠃ ᠡᠨᠡ ᠦᠭᠡ᠎ᠶᠢ ᠰᠣᠨᠤᠰᠤᠭᠠᠳ ᠠᠺᠠᠺᠢ ᠠᠺᠠᠺᠢᠶᠸᠢᠴᠧ ᠤᠷᠤᠭᠤ ᠴᠢᠷᠠᠢᠯᠠᠨ ᠭᠠᠷᠴᠤ ᠶᠠᠪᠤᠪᠠ᠃

᠁ ᠠᠺᠠᠺᠢ ᠠᠺᠠᠺᠢᠶᠸᠢᠴᠧ ᠵᠡᠭᠡᠯᠢ ᠳᠡᠭᠡᠷ᠎ᠡ ᠭᠠᠷᠴᠤ ᠢᠷᠡᠭᠡᠳ ᠵᠡᠭᠦᠳᠦ᠎ᠪᠡᠷ᠎ᠢᠶᠡᠨ ᠶᠠᠪᠤᠵᠤ ᠪᠠᠢᠬᠤ ᠮᠡᠲᠦ ᠰᠠᠨᠠᠭᠳᠠᠪᠠ᠃ 《ᠡᠢᠮᠦ ᠪᠣᠯᠤᠨ᠎ᠠ ᠭᠡᠵᠦ ᠮᠢᠨᠦ ᠰᠠᠨᠠᠭᠠᠨ᠎ᠳᠤ ᠣᠭᠲᠤ ᠣᠷᠤᠭᠰᠠᠨ᠎ᠦᠭᠡᠢ ᠁》 ᠭᠡᠵᠦ ᠭᠠᠭᠴᠠᠭᠠᠷ ᠦᠭᠡᠯᠡᠪᠡ᠃ ᠲᠦᠷ ᠳᠤᠭᠤᠢ ᠶᠠᠪᠤᠭᠰᠠᠨ᠎ᠢᠶᠠᠨ ᠳᠠᠬᠢᠨ 《ᠡᠢᠮᠦ ᠬᠡᠷᠡᠭ᠎ᠦᠦ! ᠡᠢᠮᠦ ᠦᠷ᠎ᠡ ᠳ᠋ᠦ᠋ᠩ᠎ᠳᠦ ᠬᠦᠷᠦᠨ᠎ᠡ ᠭᠡᠵᠦ ᠪᠢ᠂ ᠦᠨᠡᠨ᠎ᠢ ᠬᠡᠯᠡᠬᠦ᠎ᠳᠦ᠂ ᠡᠢᠮᠦ ᠦᠷ᠎ᠡ ᠳ᠋ᠦᠩ᠎ᠳᠦ ᠬᠦᠷᠦᠨ᠎ᠡ ᠭᠡᠳᠡᠭ᠎ᠢ ᠳᠡᠩᠴᠢ ᠮᠡᠳᠡᠭᠰᠡᠨ᠎ᠦᠭᠡᠢ》 ᠭᠡᠪᠡ᠃ ᠪᠠᠰᠠ ᠪᠠᠬᠠᠨ ᠳᠤᠭᠤᠢ ᠪᠠᠢᠵᠤ ᠪᠠᠢᠭᠠᠳ ᠳᠠᠬᠢᠨ 《ᠬᠠ᠂ ᠡᠢᠮᠦ ᠬᠡᠷᠡᠭ᠎ᠦᠦ! ᠬᠡᠲᠦᠷᠬᠡᠢ ᠴᠣᠴᠢᠮᠠᠭ ᠲᠤᠯᠭᠠᠷᠠᠯ᠎ᠠ ᠁ ᠡᠢᠮᠦ ᠪᠠᠢᠳᠠᠯ᠎ᠳᠤ ᠣᠷᠤᠨ᠎ᠠ ᠭᠡᠵᠦ ᠣᠭᠲᠤᠬᠠᠨ᠎ᠴᠤ ᠁》 ᠭᠡᠵᠦ ᠶᠠᠷᠢᠨ᠎ᠠ᠃ ᠭᠡᠷ᠎ᠲᠡᠭᠡᠨ ᠬᠠᠷᠢᠵᠤ ᠢᠷᠡᠭᠡᠳ ᠤᠬᠠᠭᠠᠨ ᠰᠠᠨᠠᠭ᠎ᠠ᠎ᠨᠢ ᠲᠣᠭᠲᠠᠪᠤᠷᠢᠵᠢᠵᠤ᠂ ᠥᠪᠡᠷ᠎ᠦᠨ ᠪᠠᠢᠳᠠᠯ᠎ᠢᠶᠠᠨ ᠲᠣᠳᠤᠷᠬᠠᠢ ᠪᠥᠭᠡᠳ ᠦᠨᠡᠨ ᠵᠥᠪ᠎ᠢᠶᠡᠷ᠎ᠨᠢ ᠣᠢᠯᠠᠭᠠᠪᠠ᠃ ᠲᠡᠭᠡᠭᠡᠳ ᠤᠴᠢᠷ ᠶᠣᠰᠤ᠎ᠶᠢ ᠨᠠᠷᠢᠨ ᠲᠤᠩᠭᠠᠨ ᠪᠣᠳᠤᠳᠠᠭ ᠲᠠᠨᠢᠯ ᠨᠥᠬᠦᠷ᠎ᠲᠡᠭᠡᠨ ᠰᠡᠳᠭᠢᠯ᠎ᠦᠨ ᠦᠭᠡ᠎ᠪᠡᠨ ᠶᠠᠷᠢᠵᠤ ᠪᠠᠢᠭ᠎ᠠ ᠮᠡᠲᠦ ᠭᠠᠭᠴᠠᠭᠠᠷ᠎ᠢᠶᠠᠨ ᠶᠠᠷᠢᠵᠤ ᠡᠬᠢᠯᠡᠭᠰᠡᠨ᠎ᠨᠢ᠂ ᠬᠡᠰᠡᠭ ᠪᠤᠰᠠᠭ ᠡᠮᠬᠢ ᠵᠠᠮᠪᠠᠷᠠᠭ᠎ᠠ᠎ᠦᠭᠡᠢ ᠦᠭᠡ ᠪᠤᠰᠤ ᠬᠠᠷᠢᠨ ᠶᠡᠬᠡ ᠮᠡᠷᠭᠡᠨ ᠰᠡᠴᠡᠨ᠂ ᠢᠯᠠᠨ ᠲᠡᠯᠡᠨ᠎ᠦᠭᠡᠢ ᠦᠭᠡ ᠶᠠᠷᠢᠶ᠎ᠠ ᠪᠠᠢᠯ᠎ᠠ᠃ 《ᠪᠣᠯᠬᠤ᠎ᠦᠭᠡᠢ᠂ ᠡᠨᠡ ᠦᠶ᠎ᠡ᠎ᠳᠦ ᠫᠧᠲᠷᠸᠢᠴᠧ᠎ᠲᠡᠢ ᠦᠨ᠎ᠡ ᠬᠠᠩᠰᠢ ᠪᠤᠯᠢᠶᠠᠯᠳᠤᠵᠤ ᠪᠣᠯᠬᠤ᠎ᠦᠭᠡᠢ᠂ ᠡᠨᠡ ᠬᠣᠶᠠᠷ ᠡᠳᠦᠷ ᠲᠡᠷᠡ ᠁ ᠡᠬᠡᠨᠡᠷ᠎ᠨᠢ ᠵᠣᠳᠤᠵᠤ ᠮᠣᠳᠤᠭᠰᠠᠨ ᠮᠠᠶᠢ᠍ᠭ᠎ᠲᠠᠢ᠃ ᠪᠢ ᠭᠠᠷᠠᠭ᠎ᠤᠨ ᠡᠳᠦᠷ ᠭᠡᠷ᠎ᠲᠦᠨᠢ ᠣᠴᠢᠶ᠎ᠠ᠃ ᠫᠧᠲᠷᠸᠢᠴᠧ ᠭᠠᠷᠠᠭ᠎ᠤᠨ ᠵᠢᠷᠭᠤᠭᠠᠨ᠎ᠳᠤ ᠤᠨᠲᠠᠵᠤ ᠪᠣᠰᠤᠭᠠᠳ᠂ ᠨᠢᠳᠦ᠎ᠨᠢ ᠭᠢᠯᠤᠢᠭᠠᠳ ᠨᠣᠢᠷᠮᠤᠭ ᠰᠠᠭᠤᠵᠤ ᠪᠠᠢᠳᠠᠭ᠎ᠶᠤᠮ᠃ ᠲᠡᠢᠨ᠎ᠬᠦ ᠣᠶᠤᠳᠠᠯᠴᠢᠨ ᠭᠤᠸᠠᠢ ᠬᠣᠶᠠᠷ ᠯᠠᠩ ᠠᠷᠢᠬᠢ ᠪᠠᠯᠭᠤᠵᠤ ᠮᠠᠩᠭᠠᠷ ᠲᠠᠢᠯᠬᠤ ᠬᠡᠷᠡᠭᠲᠡᠢ ᠪᠣᠯᠤᠨ᠎ᠠ᠃ ᠭᠡᠬᠦ᠎ᠳᠦ ᠭᠡᠷᠭᠡᠢ᠎ᠨᠢ ᠵᠣᠭᠤᠰ ᠥᠭᠬᠦ᠎ᠦᠭᠡᠢ ᠵᠣᠪᠠᠭᠠᠨ᠎ᠠ᠃ ᠡᠨᠡ ᠴᠠᠭ᠎ᠢᠶᠠᠷ ᠪᠢ ᠲᠡᠭᠦᠨ᠎ᠳᠦ ᠲᠡᠷᠡ᠎ᠬᠦ ᠠᠷᠪᠠᠨ ᠮᠥᠩᠭᠦ᠎ᠶᠢ ᠭᠠᠷ᠎ᠲᠤᠨᠢ ᠰᠢᠷᠭᠤᠭᠤᠯᠪᠠᠯ ᠠᠮᠠ᠎ᠨᠢ ᠵᠥᠭᠡᠯᠡᠷᠡᠭᠡᠳ ᠢᠷᠠᠨ᠎ᠠ ᠰᠢᠤ᠂ ᠰᠢᠨᠧᠯ᠎ᠦᠨ ᠤᠴᠢᠷ᠎ᠴᠤ᠂ ᠲᠡᠭᠡᠭᠡᠳ ᠲᠡᠷᠡ ᠁》 ᠭᠡᠵᠦ ᠶᠠᠷᠢᠭᠠᠳ ᠠᠺᠠᠺᠢ ᠠᠺᠠᠺᠢᠶᠸᠢᠴᠧ ᠰᠡᠳᠭᠢᠯ ᠰᠠᠨᠠᠭ᠎ᠠ᠎ᠪᠠᠨ ᠰᠡᠷᠭᠦᠭᠡᠨ᠂ ᠳᠠᠷᠠᠭᠠᠴᠢ᠎ᠶᠢᠨ ᠭᠠᠷᠠᠭ᠎ᠤᠨ ᠵᠢᠷᠭᠤᠭᠠᠨ᠎ᠢ ᠬᠦᠯᠢᠶᠡᠨ᠎ᠡ᠃ ᠡᠨᠡ ᠡᠳᠦᠷ ᠫᠧᠲᠷᠸᠢᠴᠧ᠎ᠶᠢᠨ ᠡᠬᠡᠨᠡᠷ ᠵᠡᠭᠡᠯᠢ᠎ᠳᠦ ᠭᠠᠷᠬᠤ᠎ᠶᠢ ᠠᠺᠠᠺᠢ ᠠᠺᠠᠺᠢᠶᠸᠢᠴᠧ ᠬᠣᠯᠠ᠎ᠠᠴᠠ ᠣᠯᠵᠤ ᠬᠠᠷᠠᠭᠠᠳ ᠲᠡᠳᠡᠨ᠎ᠦ ᠭᠡᠷ ᠤᠷᠤᠭᠤ ᠰᠢᠭᠤᠳ ᠬᠦᠷᠴᠦ ᠣᠴᠢᠯ᠎ᠠ᠃ ᠫᠧᠲᠷᠸᠢᠴᠧ ᠦᠨᠡᠬᠡᠷ ᠭᠠᠷᠠᠭ᠎ᠤᠨ ᠵᠢᠷᠭᠤᠭᠠᠨ᠎ᠤ ᠳᠠᠷᠠᠭ᠎ᠠ᠂ ᠨᠢᠳᠦ᠎ᠨᠢ ᠤᠯᠠᠮ ᠠᠢᠬᠤᠪᠲᠤᠷ ᠭᠢᠯᠤᠢᠵᠤ᠂ ᠱᠠᠯᠠ ᠤᠷᠤᠭᠤ᠎ᠪᠠᠨ ᠭᠥᠯᠦᠢᠨ ᠰᠢᠷᠲᠡᠭᠡᠳ᠂ ᠨᠣᠢᠷᠮᠤᠭ ᠰᠠᠭᠤᠨ᠎ᠠ᠃ ᠭᠡᠪᠡᠴᠦ ᠢᠷᠡᠭᠰᠡᠨ ᠵᠣᠴᠢᠨ᠎ᠤ᠎ᠪᠠᠨ ᠵᠣᠷᠢᠯᠭ᠎ᠠ᠎ᠶᠢ ᠲᠣᠳᠤᠷᠬᠠᠢ ᠮᠡᠳᠡᠮᠡᠭᠴᠡ᠎ᠪᠡᠨ ᠭᠡᠨᠡᠳᠲᠡ ᠴᠢᠳᠭᠦᠷ᠎ᠲᠦ ᠬᠠᠳᠭᠤᠭᠳᠠᠭᠰᠠᠨ ᠮᠡᠲᠦ 《ᠪᠣᠯᠬᠤ᠎ᠦᠭᠡᠢ᠂ ᠲᠠ ᠰᠢᠨ᠎ᠡ ᠰᠢᠨ᠋ᠧᠯ ᠬᠢᠯᠭᠡ》 ᠭᠡᠪᠡ᠃ ᠲᠡᠭᠡᠲᠡᠯ᠎ᠠ ᠠᠺᠠᠺᠢ ᠠᠺᠠᠺᠢᠶᠸᠢᠴᠧ ᠲᠡᠭᠦᠨ᠎ᠦ ᠭᠠᠷ᠎ᠲᠤ ᠠᠷᠪᠠᠨ ᠮᠥᠩᠭᠦ ᠠᠳᠭᠤᠭᠤᠯᠪᠠ᠃ 《ᠪᠠᠶᠠᠷᠯᠠᠯ᠎ᠠ ᠲᠠᠨ᠎ᠳᠤ᠂ ᠡᠷᠡᠭᠦᠯ ᠮᠡᠨᠳᠦ᠎ᠶᠢᠨ᠎ᠴᠢᠨᠢ ᠲᠥᠯᠦᠭᠡ ᠨᠢᠭᠡ ᠬᠤᠨᠳᠠᠭ᠎ᠠ ᠲᠤᠯᠭᠠᠶ᠎ᠠ᠂ ᠰᠢᠨᠧᠯ᠎ᠦᠨ ᠤᠴᠢᠷ᠎ᠲᠤ ᠲᠠ ᠪᠢᠲᠡᠭᠡᠢ ᠰᠠᠨᠠᠭ᠎ᠠ ᠵᠣᠪᠠ᠂ ᠡᠨᠡ ᠰᠢᠨᠧᠯ᠎ᠴᠢᠨᠢ ᠳᠡᠩᠴᠢ ᠲᠠᠮᠲᠤᠭ᠎ᠦᠭᠡᠢ ᠶᠠᠭᠤᠮ᠎ᠠ ᠪᠣᠯᠴᠢᠬᠠᠵᠠᠢ᠃ ᠪᠢ ᠴᠢᠮ᠎ᠠ᠎ᠳᠤ ᠬᠠᠩᠭᠠᠮᠵᠢᠲᠠᠢ ᠰᠠᠢᠬᠠᠨ ᠰᠢᠨ᠎ᠡ ᠰᠢᠨ᠋ᠧᠯ ᠣᠶᠤᠵᠤ ᠥᠭᠭᠦᠶ᠎ᠡ》 ᠭᠡᠵᠦ ᠫᠧᠲᠷᠸᠢᠴᠧ ᠬᠡᠯᠡᠪᠡ᠃

ᠠᠺᠠᠺᠢ ᠠᠺᠠᠺᠢᠶᠸᠢᠴᠧ ᠪᠠᠰᠠ᠎ᠯᠠ ᠨᠥᠬᠦᠵᠦ ᠰᠡᠯᠪᠢᠭᠦᠯᠬᠦ ᠰᠠᠨᠠᠭ᠎ᠠ᠎ᠲᠠᠢ ᠦᠭᠡ ᠬᠡᠯᠡᠵᠦ ᠪᠠᠢᠭᠰᠠᠨ ᠪᠣᠯᠪᠠᠴᠤ ᠫᠧᠲᠷᠸᠢᠴᠧ ᠲᠡᠭᠦᠨ᠎ᠦ ᠦᠭᠡ᠎ᠶᠢ ᠲᠠᠰᠤᠯᠤᠨ: 《ᠪᠢ ᠲᠠᠨ᠎ᠳᠤ ᠵᠠᠪᠠᠯ ᠰᠢᠨ᠋ᠧᠯ ᠬᠢᠵᠦ ᠥᠭᠭᠦᠶ᠎ᠡ᠃ ᠡᠨᠡ ᠶᠠᠪᠤᠳᠠᠯ᠎ᠢ ᠲᠠ ᠨᠠᠳᠠ ᠳᠠᠭᠠᠭᠠᠯᠭᠠᠭᠠᠴᠢ᠂ ᠪᠢ ᠴᠢᠳᠠᠬᠤ᠎ᠶᠢᠨ ᠬᠢᠷᠢ᠎ᠪᠡᠷ᠎ᠢᠶᠡᠨ ᠴᠢᠷᠮᠠᠢᠶ᠎ᠠ᠃ ᠶᠠᠩᠵᠤ ᠮᠠᠶᠢ᠍ᠭ᠎ᠢ᠎ᠨᠢ ᠳᠡᠭᠵᠢᠨ ᠬᠢᠨ᠎ᠠ᠃ ᠵᠠᠬ᠎ᠠ᠎ᠶᠢᠨ ᠭᠣᠬ᠎ᠠ᠎ᠶᠢ᠎ᠨᠢ ᠬᠦᠷᠲᠡᠯ᠎ᠡ ᠪᠤᠯᠠᠭᠳᠠᠮᠠᠯ ᠮᠥᠩᠭᠦ᠎ᠪᠡᠷ ᠬᠢᠶ᠎ᠡ》 ᠭᠡᠪᠡ᠃

ᠡᠢᠮᠦ᠎ᠡᠴᠡ ᠠᠺᠠᠺᠢ ᠠᠺᠠᠺᠢᠶᠸᠢᠴᠧ᠂ ᠰᠢᠨ᠎ᠡ ᠰᠢᠨ᠋ᠧᠯ ᠬᠢᠯᠭᠡᠬᠦ᠎ᠦᠭᠡᠢ ᠪᠣᠯ ᠭᠣᠷᠢ᠎ᠦᠭᠡᠢ ᠪᠣᠯᠤᠭᠰᠠᠨ᠎ᠢᠶᠠᠨ ᠮᠡᠳᠡᠭᠡᠳ ᠪᠦᠷᠢᠮᠦᠰᠦᠨ ᠤᠷᠮ᠎ᠠ ᠬᠤᠭᠤᠷᠠᠵᠠᠢ᠃ ᠦᠨᠡᠬᠡᠷ ᠶᠠᠭᠠᠬᠢᠳᠠᠭ ᠪᠢᠯᠡ᠂ ᠶᠠᠭᠤᠨ ᠳᠡᠭᠡᠷ᠎ᠡ ᠨᠠᠢᠳᠠᠯᠭ᠎ᠠ᠎ᠪᠠᠨ ᠲᠠᠯᠪᠢᠬᠤ ᠪᠢᠯᠡ᠂ ᠶᠠᠮᠠᠷ ᠵᠣᠭᠤᠰ᠎ᠢᠶᠠᠷ᠎ᠢᠶᠠᠨ ᠰᠢᠨ᠎ᠡ ᠰᠢᠨ᠋ᠧᠯ ᠬᠢᠯᠭᠡᠬᠦ ᠪᠢᠯᠡ? ᠬᠡᠯᠡᠯᠭᠡᠨ᠎ᠦᠭᠡᠢ ᠨᠢᠭᠡ ᠬᠡᠰᠡᠭ ᠦᠨ᠎ᠡ᠎ᠶᠢ ᠬᠣᠵᠢᠮ᠎ᠤᠨ ᠬᠡᠰᠡᠭ ᠡᠳᠦᠷ᠎ᠦᠳ᠎ᠦᠨ ᠱᠠᠩᠨᠠᠯ᠎ᠤᠨ ᠮᠥᠩᠭᠦᠨ᠎ᠳᠦ ᠨᠠᠢᠳᠠᠵᠤ ᠪᠣᠯᠬᠤ ᠪᠢᠵᠡ᠃ ᠭᠡᠪᠡᠴᠦ ᠲᠡᠳᠡᠭᠡᠷ ᠱᠠᠩᠨᠠᠯ᠎ᠢ ᠬᠡᠵᠢᠶᠡᠨᠡᠢ ᠵᠣᠬᠢᠬᠤ ᠵᠦᠢᠯ᠎ᠦᠳ᠎ᠲᠦ ᠲᠣᠬᠢᠷᠠᠭᠤᠯᠴᠢᠬᠠᠭᠰᠠᠨ ᠰᠢᠤ: 《ᠨᠢᠭᠡ ᠵᠠᠬ᠎ᠠ ᠰᠢᠨ᠎ᠡ ᠥᠮᠦᠳᠦ ᠬᠢᠨ᠎ᠠ᠃ ᠪᠠᠰᠠ ᠭᠤᠲᠤᠯᠴᠢᠨ᠎ᠢᠶᠠᠷ ᠬᠠᠭᠤᠴᠢᠨ ᠲᠦᠷᠡᠢ᠎ᠳᠦ ᠰᠢᠨ᠎ᠡ ᠵᠤᠯᠤᠭ ᠲᠠᠭᠠᠷᠠᠭᠤᠯᠤᠭᠰᠠᠨ ᠬᠥᠯᠦᠰᠦ᠎ᠶᠢ ᠲᠥᠯᠦᠨ᠎ᠡ᠂ ᠪᠠᠰᠠ ᠡᠮᠡᠭᠲᠡᠢ ᠣᠶᠤᠳᠠᠯᠴᠢᠨ᠎ᠢᠶᠠᠷ ᠭᠤᠷᠪᠠᠨ ᠬᠦᠷᠮ᠎ᠡ ᠪᠠ ᠪᠢᠴᠢᠭ ᠨᠣᠮ ᠳᠣᠲᠤᠷ᠎ᠠ ᠨᠡᠷ᠎ᠡ᠎ᠶᠢ᠎ᠨᠢ ᠪᠢᠴᠢᠬᠦ᠎ᠳᠦ ᠵᠣᠬᠢᠮᠵᠢ᠎ᠦᠭᠡᠢ ᠬᠣᠶᠠᠷ ᠬᠠᠨᠲᠠᠭᠠᠵᠠ ᠬᠢᠯᠭᠡᠨ᠎ᠡ᠃ ᠨᠢᠭᠡ᠎ᠯᠡ ᠦᠭᠡ᠎ᠪᠡᠷ ᠬᠡᠯᠡᠪᠡᠯ᠂ ᠪᠦᠬᠦ ᠵᠣᠭᠤᠰ᠎ᠢ ᠬᠡᠷᠡᠭᠯᠡᠭᠡᠳ ᠳᠠᠭᠤᠰᠭᠠᠬᠤ᠎ᠪᠠᠷ ᠲᠥᠯᠦᠪᠯᠡᠵᠡᠢ᠃ ᠵᠤᠷᠭᠠᠨ᠎ᠤ ᠳᠠᠷᠤᠭ᠎ᠠ ᠲᠤᠩ ᠶᠡᠬᠡ ᠬᠠᠢᠷ᠎ᠠ ᠬᠠᠯᠠᠮᠵᠢ ᠦᠵᠡᠭᠦᠯᠦᠨ᠂ ᠳᠥᠴᠢᠨ ᠷᠦᠪᠯᠢ᠎ᠶᠢᠨ ᠱᠠᠩᠨᠠᠯ ᠣᠯᠭᠤᠬᠤ᠎ᠦᠭᠡᠢ᠂ ᠬᠠᠷᠢᠨ ᠳᠥᠴᠢᠨ ᠲᠠᠪᠤ ᠪᠤᠶᠤ ᠲᠠᠪᠢᠨ ᠷᠦᠪᠯᠢ ᠱᠠᠩᠨᠠᠯ᠎ᠠ ᠭᠡᠳ ᠦᠯᠡᠳᠡᠬᠦ ᠵᠣᠭᠤᠰ᠎ᠨᠢ ᠰᠢᠨ᠎ᠡ ᠰᠢᠨ᠋ᠧᠯ ᠬᠢᠬᠦ᠎ᠳᠦ ᠳᠠᠯᠠᠢ᠎ᠳᠤ ᠳᠤᠰᠤᠯ᠎ᠤᠨ ᠲᠡᠳᠦᠢ ᠶᠠᠯᠢᠮ᠎ᠦᠭᠡᠢ ᠠᠵᠢ᠃ ᠫᠧᠲᠷᠸᠢᠴᠧ ᠭᠡᠳᠡᠭ ᠡᠨᠡ ᠬᠥᠮᠦᠨ ᠵᠠᠷᠢᠮ᠎ᠳᠠᠭᠠᠨ᠂ ᠰᠣᠨᠤᠰᠤᠭᠰᠠᠨ ᠬᠥᠮᠦᠨ᠎ᠦ ᠲᠠᠷᠢᠬᠢ ᠬᠠᠭᠠᠷᠠᠮᠠᠷ ᠥᠨᠳᠦᠷ ᠦᠨ᠎ᠡ ᠳᠤᠤᠭᠠᠷᠳᠠᠭ ᠵᠢᠭᠲᠡᠢᠬᠡᠨ ᠵᠠᠩ᠎ᠲᠠᠢ᠎ᠶᠢ ᠠᠺᠠᠺᠢ ᠠᠺᠠᠺᠢᠶᠸᠢᠴᠧ ᠮᠡᠳᠡᠨ᠎ᠡ᠃ ᠁ ᠫᠧᠲᠷᠸᠢᠴᠧ᠎ᠳᠦ ᠨᠠᠶᠠᠨ ᠷᠦᠪᠯᠢ ᠥᠭᠪᠡᠯ ᠰᠢᠨ᠎ᠡ ᠰᠢᠨ᠋ᠧᠯ ᠬᠢᠵᠦ ᠥᠭᠭᠦᠨ᠎ᠡ ᠭᠡᠳᠡᠭ᠎ᠢ ᠠᠺᠠᠺᠢ ᠠᠺᠠᠺᠢᠶᠸᠢᠴᠧ᠎ᠴᠦ ᠮᠥᠨ ᠮᠡᠳᠡᠵᠦ ᠪᠠᠢᠯ᠎ᠠ᠃ ᠭᠡᠪᠡᠴᠦ ᠬᠠᠮᠢᠭ᠎ᠠ᠎ᠠᠴᠠ ᠨᠠᠶᠠᠨ ᠷᠦᠪᠯᠢ ᠣᠯᠬᠤ ᠪᠢᠯᠡ? ᠬᠠᠭᠠᠰ᠎ᠢ᠎ᠨᠢ ᠪᠤᠶᠤ ᠬᠠᠭᠠᠰ᠎ᠠᠴᠠ ᠪᠠᠬᠠᠨ ᠢᠯᠡᠭᠦᠬᠡᠨ᠎ᠢ᠎ᠴᠦ ᠣᠯᠵᠤ ᠪᠣᠯᠬᠤ ᠮᠠᠭᠠᠳ᠎ᠦᠭᠡᠢ ; ᠭᠡᠪᠡᠴᠦ ᠨᠥᠭᠦᠭᠡ ᠬᠠᠭᠠᠰ᠎ᠢ᠎ᠨᠢ ᠬᠠᠮᠢᠭ᠎ᠠ᠎ᠠᠴᠠ ᠣᠯᠬᠤ ᠪᠢᠯᠡ᠃ ᠣᠯᠵᠤ ᠪᠣᠯᠬᠤ ᠬᠠᠭᠠᠰ᠎ᠢ᠎ᠨᠢ ᠴᠣᠬᠤᠮ ᠬᠠᠮᠢᠭ᠎ᠠ᠎ᠠᠴᠠ ᠣᠯᠬᠤ᠎ᠶᠢ᠎ᠨᠢ ᠤᠩᠰᠢᠭᠴᠢᠳ ᠤᠷᠢᠳᠠᠪᠠᠷ ᠮᠡᠳᠡᠬᠦ ᠬᠡᠷᠡᠭᠲᠡᠢ ᠪᠠᠢᠨ᠎ᠠ᠃ ᠠᠺᠠᠺᠢ ᠠᠺᠠᠺᠢᠶᠸᠢᠴᠧ ᠨᠢᠭᠡ ᠷᠦᠪᠯᠢ ᠵᠠᠷᠤᠬᠤ ᠪᠦᠷᠢ᠎ᠳᠡᠭᠡᠨ ᠨᠢᠭᠡ ᠮᠥᠩᠭᠦ᠎ᠶᠢ᠎ᠨᠢ ᠲᠠᠭᠯᠠᠭ᠎ᠠ ᠳᠡᠭᠡᠷ᠎ᠡ᠎ᠪᠡᠨ ᠵᠣᠭᠤᠰ ᠬᠢᠬᠦ ᠨᠦᠬᠡ᠎ᠲᠡᠢ᠂ ᠣᠨᠢᠰᠤᠲᠠᠢ ᠬᠠᠢᠷᠴᠠᠭ᠎ᠲᠤ ᠬᠢᠳᠡᠭ ᠵᠠᠩᠰᠢᠯ᠎ᠲᠠᠢ᠎ᠶᠤᠮ᠃ ᠬᠠᠭᠠᠰ ᠵᠢᠯ ᠪᠣᠯᠤᠭᠠᠳ ᠬᠠᠳᠠᠭᠠᠯᠠᠭᠰᠠᠨ ᠭᠠᠤᠯᠢᠨ ᠵᠣᠭᠤᠰ᠎ᠢᠶᠠᠨ ᠬᠡᠳᠦᠢ ᠪᠣᠯᠤᠭᠰᠠᠨ᠎ᠢ ᠲᠣᠭᠠᠯᠠᠵᠤ ᠦᠵᠡᠭᠡᠳ᠂ ᠵᠢᠵᠢᠭᠬᠡᠨ ᠮᠥᠩᠭᠦᠨ ᠵᠣᠭᠤᠰ᠎ᠢᠶᠠᠷ ᠰᠣᠯᠢᠳᠠᠭ᠎ᠶᠤᠮ᠃ ᠣᠨ ᠤᠳᠠᠲᠠᠯ᠎ᠠ ᠢᠩᠭᠢᠵᠦ ᠬᠠᠳᠠᠭᠠᠯᠠᠭᠰᠠᠭᠠᠷ ᠪᠠᠢᠭᠠᠳ ᠡᠳᠦᠭᠡ ᠨᠢᠭᠡᠨᠲᠡ ᠳᠥᠴᠢ ᠭᠠᠷᠤᠢ ᠷᠦᠪᠯᠢ ᠪᠣᠯᠵᠠᠢ᠃᠎ᠡᠢᠨ᠎ᠬᠦ ᠰᠢᠨ᠋ᠧᠯ ᠬᠢᠯᠭᠡᠬᠦ ᠵᠣᠭᠤᠰ᠎ᠤᠨ ᠬᠠᠭᠠᠰ᠎ᠨᠢ ᠨᠢᠭᠡᠨᠲᠡ ᠪᠡᠯᠡᠨ ᠪᠣᠯᠵᠠᠢ᠃ ᠭᠡᠪᠡᠴᠦ ᠨᠥᠭᠦᠭᠡ ᠬᠠᠭᠠᠰ᠎ᠢ᠎ᠨᠢ ᠬᠠᠮᠢᠭ᠎ᠠ᠎ᠠᠴᠠ ᠣᠯᠬᠤ ᠪᠢᠯᠡ? ᠠᠺᠠᠺᠢ ᠠᠺᠠᠺᠢᠶᠸᠢᠴᠧ ᠪᠣᠳᠤᠨ ᠪᠣᠳᠤᠭᠰᠠᠭᠠᠷ ᠪᠠᠢᠭᠠᠳ ᠨᠢᠭᠡ ᠵᠢᠯ᠎ᠦᠨ ᠬᠤᠭᠤᠴᠠᠭᠠᠨ᠎ᠳᠤ ᠵᠠᠷᠤᠯᠭ᠎ᠠ᠎ᠪᠠᠨ ᠪᠠᠭᠠᠰᠭᠠᠬᠤ ᠠᠷᠭ᠎ᠠ ᠪᠣᠳᠤᠨ ᠣᠯᠪᠠ᠃ ᠡᠭᠦᠨ᠎ᠳᠦ: 《ᠣᠷᠤᠢ ᠪᠦᠷᠢ ᠴᠠᠢ ᠤᠤᠭᠤᠬᠤ᠎ᠪᠠᠨ ᠲᠡᠪᠴᠢᠨ᠎ᠡ᠂ ᠳ᠋ᠧᠩ ᠨᠣᠴᠤᠭᠠᠬᠤ᠎ᠦᠭᠡᠢ᠂ ᠬᠡᠷᠪᠡ ᠶᠠᠮᠠᠷ ᠨᠢᠭᠡᠨ ᠶᠠᠭᠤᠮ᠎ᠠ ᠬᠢᠬᠦ ᠴᠢᠬᠤᠯᠠᠲᠠᠢ ᠪᠣᠯᠪᠠᠯ ᠭᠡᠷ᠎ᠦᠨ ᠡᠵᠡᠭᠲᠡᠢ᠎ᠶᠢᠨ ᠭᠡᠷ᠎ᠦᠨ ᠳ᠋ᠧᠩ᠎ᠦᠨ ᠭᠡᠷᠡᠯ᠎ᠳᠦ ᠣᠴᠢᠵᠤ ᠬᠢᠨ᠎ᠠ᠃ ᠵᠡᠭᠡᠯᠢ᠎ᠳᠦ ᠭᠠᠷᠤᠭᠠᠳ ᠴᠢᠯᠠᠭᠤᠲᠠᠢ ᠵᠠᠮ᠎ᠢᠶᠠᠷ ᠪᠤᠶᠤ ᠴᠢᠯᠠᠭᠤ ᠳᠡᠪᠢᠰᠦᠭᠰᠡᠨ ᠵᠠᠮ᠎ᠢᠶᠠᠷ ᠶᠠᠪᠤᠬᠤ᠎ᠳᠠᠭᠠᠨ ᠭᠤᠲᠤᠯ᠎ᠤᠨ ᠤᠯᠠ᠎ᠪᠠᠨ ᠡᠯᠡᠭᠡᠬᠦ᠎ᠦᠭᠡᠢ᠎ᠶᠢᠨ ᠲᠥᠯᠦᠭᠡ ᠬᠥᠩᠭᠡᠬᠡᠨ ᠭᠢᠰᠭᠢᠬᠦ ᠪᠤᠶᠤ ᠬᠠᠮᠤᠭ᠎ᠤᠨ ᠰᠠᠢᠨ᠎ᠨᠢ ᠥᠯᠮᠡᠢ᠎ᠪᠡᠷ᠎ᠢᠶᠡᠨ ᠭᠢᠰᠭᠢᠨ ᠶᠠᠪᠤᠨ᠎ᠠ᠃ ᠪᠣᠯᠬᠤ᠎ᠶᠢᠨ ᠳᠣᠲᠤᠷ᠎ᠠ ᠤᠭᠠᠯᠭ᠎ᠠ᠎ᠶᠢᠨ ᠪᠦᠰᠡᠭᠦᠢ᠎ᠪᠡᠷ ᠬᠤᠪᠴᠠᠰᠤ ᠤᠭᠠᠯᠭᠠᠬᠤ᠎ᠦᠭᠡᠢ᠂ ᠬᠠᠨᠲᠠᠭᠠᠵᠠ᠎ᠪᠠᠨ ᠭᠬᠢᠷᠲᠦᠭᠦᠯᠬᠦ᠎ᠦᠭᠡᠢ᠎ᠶᠢᠨ ᠲᠥᠯᠦᠭᠡ ᠭᠡᠷ᠎ᠲᠡᠭᠡᠨ ᠣᠷᠤᠵᠤ ᠢᠷᠡᠪᠡᠯ ᠲᠠᠢᠯᠵᠤ ᠨᠢᠴᠦᠭᠦᠨ ᠪᠡᠶ᠎ᠡ ᠳᠡᠭᠡᠷ᠎ᠡ᠎ᠪᠡᠨ ᠵᠤᠵᠠᠭᠠᠨ ᠳᠠᠪᠤᠤ ᠪᠣᠰᠢᠨᠵᠠ ᠡᠮᠦᠰᠦᠨ᠎ᠡ᠂ ᠤᠳᠠᠭᠠᠨ ᠬᠤᠭᠤᠴᠠᠭ᠎ᠠ ᠡᠮᠦᠰᠦᠭᠰᠡᠨ ᠡᠨᠡ ᠪᠣᠰᠢᠨᠵᠠ᠎ᠨᠢ ᠤᠷᠠᠭᠳᠠᠭᠠᠳᠤᠢ ᠪᠠᠢᠭᠰᠠᠭᠠᠷ ᠠᠵᠢ᠃ ᠦᠨᠡᠨ᠎ᠢ ᠬᠡᠯᠡᠬᠦ᠎ᠳᠦ᠂ ᠠᠩᠬ᠎ᠠ ᠡᠬᠢᠯᠡᠭᠡᠳ ᠠᠺᠠᠺᠢ ᠠᠺᠠᠺᠢᠶᠸᠢᠴᠧ ᠡᠳᠡᠭᠡᠷ ᠬᠢᠵᠠᠭᠠᠷᠯᠠᠯ᠎ᠳᠠᠭᠠᠨ ᠳᠠᠰᠭᠤ᠎ᠦᠭᠡᠢ ᠮᠠᠶᠢᠭᠲᠠᠢ ᠪᠠᠢᠯ᠎ᠠ᠃ ᠭᠡᠪᠡᠴᠦ ᠰᠡᠭᠦᠯᠳᠡᠵᠦ ᠢᠷᠡᠭᠡᠳ ᠳᠠᠳᠴᠤ᠂ ᠶᠡᠬᠡ ᠰᠠᠢᠬᠠᠨ ᠰᠠᠨᠠᠭᠳᠠᠬᠤ ᠪᠣᠯᠪᠠ᠃ ᠪᠠᠰᠠ ᠣᠷᠤᠢ ᠶᠠᠭᠤᠮ᠎ᠠ ᠢᠳᠡᠬᠦ᠎ᠦᠭᠡᠢ ᠳᠠᠳᠭᠠᠯ᠎ᠲᠠᠢ ᠪᠣᠯᠵᠠᠢ᠃ ᠲᠡᠷᠡ᠎ᠬᠦ ᠴᠠᠭ ᠮᠥᠴᠡ ᠪᠦᠷᠢ᠂ ᠳᠣᠲᠤᠷ᠎ᠠ᠎ᠠᠴᠠ᠎ᠨᠢ ᠭᠠᠷᠳᠠᠭ᠎ᠦᠭᠡᠢ ᠢᠷᠡᠭᠡᠳᠦᠢ᠎ᠶᠢᠨ ᠰᠢᠨ᠋ᠧᠯ᠎ᠨᠢ ᠬᠣᠭᠤᠯᠠ ᠤᠮᠳᠠ᠎ᠶᠢ᠎ᠨᠢ ᠣᠷᠤᠯᠠᠪᠠ᠃ ᠰᠢᠨᠧᠯ᠎ᠲᠡᠢ ᠪᠣᠯᠤᠨ᠎ᠠ ᠭᠡᠵᠦ ᠪᠣᠳᠤᠬᠤ ᠪᠣᠯᠤᠭᠰᠠᠨ᠎ᠠᠴᠠ ᠠᠪᠤᠭᠠᠳ ᠲᠡᠭᠦᠨ᠎ᠦ ᠠᠮᠢᠳᠤᠷᠠᠯ᠎ᠳᠤ ᠰᠢᠨ᠎ᠡ ᠠᠭᠤᠯᠭ᠎ᠠ ᠨᠡᠮᠡᠭᠳᠡᠭᠰᠡᠨ᠎ᠰᠢᠭ᠂ ᠭᠡᠷᠭᠡᠢ᠎ᠲᠡᠢ ᠪᠣᠯᠤᠭᠰᠠᠨ᠎ᠰᠢᠭ᠋᠂ ᠥᠭᠡᠷ᠎ᠡ ᠨᠢᠭᠡ ᠬᠥᠮᠦᠨ᠎ᠲᠡᠢ ᠬᠠᠮᠲᠤ ᠠᠮᠢᠳᠤᠷᠠᠬᠤ ᠪᠣᠯᠤᠭᠰᠠᠨ᠎ᠰᠢᠭ᠋ ᠭᠠᠭᠴᠠᠭᠠᠷᠳᠠᠨ ᠤᠢᠳᠭᠠᠷᠯᠠᠬᠤ᠎ᠪᠠᠨ ᠪᠣᠯᠢᠵᠤ᠂ ᠨᠢᠭᠡ ᠨᠠᠰᠤᠨ᠎ᠤ ᠰᠡᠳᠭᠢᠯ᠎ᠦᠨ ᠬᠠᠨᠢ᠎ᠲᠠᠢ ᠪᠣᠯᠤᠭᠰᠠᠨ᠎ᠰᠢᠭ᠋ ᠪᠣᠳᠤᠭᠳᠠᠬᠤ ᠪᠣᠯᠵᠠᠢ᠃ ᠡᠨᠡ᠎ᠬᠦ ᠰᠡᠳᠭᠢᠯ᠎ᠦᠨ ᠬᠠᠨᠢ᠎ᠨᠢ ᠬᠡᠨ ᠪᠤᠢ ᠭᠡᠪᠡᠯ᠂ ᠲᠡᠷᠡ᠎ᠬᠦ ᠵᠤᠵᠠᠭᠠᠨ ᠬᠥᠪᠦᠩ ᠲᠠᠯᠪᠢᠭᠰᠠᠨ᠂ ᠪᠥᠬᠡ ᠳᠣᠲᠤᠷ᠎ᠲᠠᠢ ᠰᠢᠨ᠋ᠧᠯ᠎ᠶᠦᠮ᠃ ᠠᠺᠠᠺᠢ ᠠᠺᠠᠺᠢᠶᠸᠢᠴᠧ ᠡᠳᠦᠭᠡ ᠴᠣᠭ ᠵᠢᠪᠬᠤᠭ᠎ᠠ ᠨᠡᠮᠡᠭᠳᠡᠵᠦ᠂ ᠴᠢᠩᠭ᠎ᠠ ᠵᠠᠩ ᠴᠢᠨᠠᠷ᠎ᠲᠠᠢ ᠪᠣᠯᠤᠭᠠᠳ ᠲᠣᠳᠤᠷᠬᠠᠢ ᠵᠣᠷᠢᠯᠭ᠎ᠠ᠎ᠶᠢᠨ᠎ᠢᠶᠠᠨ ᠲᠥᠯᠦᠭᠡ ᠮᠡᠷᠡᠢᠨ ᠴᠢᠷᠮᠠᠢᠵᠤ ᠪᠠᠢᠭ᠎ᠠ ᠬᠥᠮᠦᠨ᠎ᠦ ᠮᠠᠶᠢᠭᠲᠠᠢ ᠪᠣᠯᠵᠠᠢ᠃ ᠰᠡᠵᠢᠭᠯᠡᠯ᠂ ᠲᠠᠲᠠᠭᠠᠯᠵᠠᠭ᠎ᠠ ᠪᠤᠶᠤ ᠨᠢᠭᠡ ᠦᠭᠡ᠎ᠪᠡᠷ ᠬᠡᠯᠡᠪᠡᠯ᠂ ᠠᠯᠢᠪᠠ ᠭᠣᠢᠪᠢᠯᠵᠠᠭ᠎ᠠ᠂ ᠲᠤᠢᠯᠪᠤᠷᠢ᠎ᠦᠭᠡᠢ᠎ᠶᠢᠨ ᠰᠢᠨᠵᠢ ᠲᠡᠮᠳᠡᠭ ᠠᠺᠠᠺᠢ ᠠᠺᠠᠺᠢᠶᠸᠢᠴᠧ᠎ᠶᠢᠨ ᠴᠢᠷᠠᠢ ᠪᠣᠯᠤᠨ ᠦᠢᠯᠡ ᠠᠵᠢᠯᠯᠠᠭ᠎ᠠ᠎ᠠᠴᠠ᠎ᠨᠢ ᠮᠡᠳᠡᠭᠳᠡᠯ᠎ᠦᠭᠡᠢ᠎ᠪᠡᠷ ᠠᠯᠠᠭ᠎ᠠ ᠪᠣᠯᠴᠢᠬᠠᠵᠠᠢ᠃ ᠵᠠᠷᠢᠮ ᠦᠶᠡᠰ ᠨᠢᠳᠦᠨ᠎ᠳᠦᠨᠢ ᠴᠣᠭ ᠵᠣᠯᠢ ᠲᠣᠳᠤᠷᠠᠨ᠂ ᠰᠡᠳᠭᠢᠯ᠎ᠳᠦᠨᠢ: ᠪᠤᠯᠠᠭ᠎ᠠ᠎ᠪᠠᠷ ᠵᠠᠬ᠎ᠠ ᠵᠠᠭᠠᠮ᠎ᠠ ᠬᠢᠴᠢᠬᠡᠬᠦ᠎ᠦᠦ ᠭᠡᠳᠡᠭ ᠡᠷᠡᠰ ᠲᠠᠰᠤᠷᠬᠠᠢ ᠴᠢᠩᠭ᠎ᠠ ᠵᠣᠷᠢᠭ ᠣᠷᠤᠵᠤ ᠢᠷᠡᠳᠡᠭ ᠪᠣᠯᠪᠠ᠃ ᠡᠨᠡ ᠪᠣᠳᠤᠯ ᠤᠬᠠᠭᠠᠨ ᠰᠠᠨᠠᠭ᠎ᠠ᠎ᠶᠢ᠎ᠨᠢ ᠲᠥᠭᠡᠷᠢᠭᠦᠯᠬᠦ ᠰᠢᠬᠠᠳᠠᠭ ᠪᠠᠢᠨ᠎ᠠ᠃ ᠨᠢᠭᠡ ᠤᠳᠠᠭ᠎ᠠ ᠠᠯᠪᠠᠨ ᠪᠢᠴᠢᠭ ᠬᠠᠭᠤᠯᠤᠨ ᠪᠢᠴᠢᠵᠦ ᠪᠠᠢᠭᠠᠳ ᠡᠰᠡ᠎ᠯᠡ ᠪᠤᠷᠤᠭᠤ ᠦᠰᠦᠭ ᠪᠢᠴᠢᠬᠦ᠎ᠳᠦ ᠬᠦᠷᠴᠦ᠂ ᠪᠠᠷᠤᠭ᠎ᠯᠠ ᠬᠣᠯᠠ ᠰᠣᠨᠤᠰᠳᠠᠬᠤᠢᠴᠠ ᠳᠠᠭᠤᠨ᠎ᠢᠶᠠᠷ 《ᠠᠶ᠎ᠠ!》 ᠭᠡᠵᠦ ᠬᠠᠰᠭᠢᠷᠤᠨ᠂ ᠴᠡᠭᠡᠵᠢᠨ ᠳᠡᠭᠡᠭᠦᠷ᠎ᠢᠶᠡᠨ ᠵᠠᠭᠠᠯᠮᠠᠢᠯᠠᠪᠠ᠃ ᠠᠺᠠᠺᠢ ᠠᠺᠠᠺᠢᠶᠸᠢᠴᠧ ᠰᠠᠷ᠎ᠠ ᠪᠦᠷᠢ ᠨᠠᠭᠠᠳᠤ ᠵᠠᠬ᠎ᠠ᠎ᠨᠢ ᠨᠢᠭᠡ ᠤᠳᠠᠭ᠎ᠠ ᠫᠸᠲᠷᠸᠢᠴᠧ᠎ᠶᠢᠨ᠎ᠳᠦ ᠣᠴᠢᠵᠤ᠂ ᠰᠢᠨ᠋ᠧᠯ᠎ᠦᠨ ᠪᠠᠷᠠᠭ᠎ᠠ᠎ᠪᠠᠨ ᠠᠯᠢ ᠳᠡᠯᠭᠡᠭᠦᠷ᠎ᠡᠴᠡ ᠠᠪᠬᠤ᠂ ᠶᠠᠮᠠᠷ ᠥᠩᠭᠡ᠎ᠶᠢᠨ ᠪᠠᠷᠠᠭ᠎ᠠ ᠠᠪᠬᠤ᠂ ᠬᠡᠳᠦᠢ ᠦᠨ᠎ᠡ᠎ᠶᠢᠨ ᠪᠠᠷᠠᠭ᠎ᠠ ᠠᠪᠬᠤ ᠲᠤᠬᠠᠢ ᠠᠰᠠᠭᠤᠳᠠᠯ᠎ᠤᠳ᠎ᠢ ᠵᠥᠪᠯᠡᠨ᠎ᠡ᠃ ᠪᠠᠭ᠎ᠠ ᠰᠠᠭ᠎ᠠ ᠰᠠᠨᠠᠭ᠎ᠠ ᠠᠮᠤᠷ᠎ᠦᠭᠡᠢ ᠪᠣᠯᠳᠠᠭ ᠪᠣᠯᠪᠠᠴᠤ ᠠᠯᠢᠪᠠ ᠶᠠᠪᠤᠳᠠᠯ᠎ᠢ ᠭᠦᠢᠴᠡᠳᠭᠡᠭᠡᠳ ᠰᠢᠨ᠎ᠡ ᠰᠢᠨᠧᠯ᠎ᠲᠡᠢ ᠪᠣᠯᠬᠤ ᠨᠢᠭᠡᠨ ᠡᠳᠦᠷ ᠯᠠᠪ ᠪᠤᠢ ᠳ᠋ᠠ ᠭᠡᠵᠦ ᠪᠣᠳᠤᠵᠤ᠂ ᠤᠳᠠᠭ᠎ᠠ ᠪᠦᠷᠢ ᠶᠡᠬᠡᠯ᠎ᠡ ᠰᠡᠳᠭᠢᠯ ᠬᠠᠨᠤᠮᠵᠢᠲᠠᠢ ᠬᠠᠷᠢᠵᠤ ᠢᠷᠠᠨ᠎ᠠ᠃ ᠬᠡᠷᠡᠭ ᠶᠠᠪᠤᠳᠠᠯ ᠰᠠᠨᠠᠭᠰᠠᠨ᠎ᠠᠴᠠ ᠲᠦᠷᠭᠡᠨ ᠪᠦᠲᠦᠵᠦ ᠡᠬᠢᠯᠡᠯ᠎ᠡ᠃ ᠵᠤᠷᠭᠠᠨ᠎ᠤ ᠳᠠᠷᠤᠭ᠎ᠠ᠎ᠨᠢ ᠠᠺᠠᠺᠢ ᠠᠺᠠᠺᠢᠶᠸᠢᠴᠧ᠎ᠳᠦ ᠬᠠᠢᠷᠠᠯᠠᠭᠰᠠᠨ ᠱᠠᠩᠨᠠᠯ᠎ᠤᠨ ᠷᠦᠪᠯᠢ ᠳᠥᠴᠢ ᠪᠢᠰᠢ᠂ ᠳᠥᠴᠢᠨ ᠲᠠᠪᠤ᠎ᠴᠤ ᠪᠢᠰᠢ᠂ ᠬᠠᠷᠢᠨ ᠵᠢᠷᠠᠨ ᠷᠦᠪᠯᠢ ᠪᠠᠢᠵᠠᠢ᠃ ᠡᠨᠡ ᠳᠠᠷᠤᠭ᠎ᠠ ᠠᠺᠠᠺᠢ ᠠᠺᠠᠺᠢᠶᠸᠢᠴᠧ᠎ᠶᠢᠨ ᠰᠢᠨ᠎ᠡ ᠰᠢᠨ᠋ᠧᠯ ᠬᠢᠬᠦ᠎ᠶᠢ ᠬᠡᠵᠢᠶᠡᠨᠡᠢ ᠮᠡᠳᠡᠴᠢᠬᠡᠭᠰᠡᠨ᠎ᠶᠦᠮ᠎ᠦᠦ᠂ ᠡᠰᠡᠬᠦᠯ᠎ᠡ ᠲᠡᠭᠡᠵᠦ ᠰᠠᠢᠬᠠᠨ ᠲᠠᠭᠠᠷᠠᠴᠢᠬᠠᠭᠰᠠᠨ ᠪᠣᠯᠪᠠ᠎ᠤᠤ ᠪᠤᠤ ᠮᠡᠳᠡ᠂ ᠶᠠᠭᠤ ᠪᠣᠯᠪᠠᠴᠤ᠎ᠯᠠ ᠬᠣᠷᠢᠨ ᠷᠦᠪᠯᠢ ᠨᠡᠮᠡᠭᠦᠦ ᠬᠠᠢᠷᠠᠯᠠᠪᠠ᠃ ᠡᠨᠡ ᠶᠠᠪᠤᠳᠠᠯ ᠰᠢᠨ᠎ᠡ ᠰᠢᠨ᠋ᠧᠯ ᠪᠦᠲᠦᠬᠦ ᠬᠣᠨᠤᠭ ᠬᠤᠭᠤᠴᠠᠭ᠎ᠠ᠎ᠶᠢ ᠲᠦᠷᠭᠡᠰᠭᠡᠯ᠎ᠡ᠃ ᠵᠥᠪᠬᠡᠨ ᠳᠠᠬᠢᠭᠠᠳ ᠬᠣᠶᠠᠷ ᠭᠤᠷᠪᠠᠨ ᠰᠠᠷ᠎ᠠ ᠭᠡᠳᠡᠰᠦ᠎ᠪᠡᠨ ᠪᠠᠬᠠᠨ ᠰᠣᠢᠪᠠᠯ ᠠᠺᠠᠺᠢ ᠠᠺᠠᠺᠢᠶᠸᠢᠴᠧ ᠦᠨᠡᠬᠡᠷ ᠨᠠᠶᠠᠨ ᠷᠦᠪᠯᠢ ᠬᠤᠷᠠᠮᠳᠤᠭᠤᠯᠵᠤ ᠴᠢᠳᠠᠬᠤ ᠮᠠᠶᠢᠭᠲᠠᠢ᠃ ᠶᠡᠷᠦᠳᠡ ᠲᠣᠭᠲᠠᠭᠤᠬᠠᠨ ᠪᠠᠢᠳᠠᠭ ᠵᠢᠷᠦᠬᠡ᠎ᠶᠢᠨ ᠴᠣᠬᠢᠯᠲᠠ᠎ᠨᠢ ᠡᠳᠦᠭᠡ ᠪᠠᠬᠠᠨ ᠢᠷᠮᠡᠭᠦᠳᠴᠦ ᠡᠬᠢᠯᠡᠯ᠎ᠡ᠃ ᠱᠠᠩᠨᠠᠯ ᠬᠦᠷᠲᠡᠭᠰᠡᠨ ᠲᠡᠷᠡ ᠡᠳᠦᠷ᠎ᠲᠡᠭᠡᠨ ᠫᠸᠲᠷᠸᠢᠴᠧ᠎ᠶᠢ ᠳᠠᠭᠠᠭᠤᠯᠤᠨ ᠳᠡᠯᠭᠡᠭᠦᠷ᠎ᠦᠨ ᠭᠠᠵᠠᠷ ᠣᠴᠢᠵᠤ ᠰᠢᠨᠧᠯ᠎ᠦᠨ ᠰᠠᠢᠨ ᠴᠡᠮᠪᠡ ᠬᠤᠳᠠᠯᠳᠤᠨ ᠠᠪᠤᠪᠠ - ᠡᠨᠡ ᠪᠣᠯ ᠰᠣᠨᠢᠷᠬᠠᠯᠲᠠᠢ ᠬᠡᠷᠡᠭ ᠪᠢᠰᠢ᠎ᠶᠦᠮ᠃ ᠤᠴᠢᠷ᠎ᠨᠢ ᠲᠡᠳᠡ ᠠᠯᠢ ᠬᠠᠭᠠᠰ ᠵᠢᠯ᠎ᠦᠨ ᠡᠮᠦᠨ᠎ᠡ᠎ᠡᠴᠡ ᠡᠢᠮᠦ ᠪᠠᠷᠠᠭ᠎ᠠ ᠠᠪᠤᠨ᠎ᠠ ᠭᠡᠵᠦ ᠲᠥᠯᠦᠪᠯᠡᠭᠰᠡᠨ ᠪᠥᠭᠡᠳ ᠪᠠᠷᠤᠭ ᠰᠠᠷ᠎ᠠ ᠪᠦᠷᠢ ᠳᠡᠯᠭᠡᠭᠦᠷ᠎ᠢᠶᠡᠷ ᠢᠷᠡᠵᠦ ᠦᠨ᠎ᠡ ᠬᠠᠩᠰᠢ᠎ᠶᠢ᠎ᠨᠢ ᠰᠤᠷᠠᠭᠯᠠᠵᠤ ᠪᠠᠢᠭᠰᠠᠨ᠎ᠶᠤᠮ᠃ ᠲᠡᠢᠮᠦ᠎ᠴᠦ ᠤᠴᠢᠷ᠎ᠠᠴᠠ ᠫᠧᠲᠷᠸᠢᠴᠧ ᠡᠭᠦᠨ᠎ᠡᠴᠡ ᠰᠠᠢᠨ ᠴᠡᠮᠪᠡ ᠪᠠᠢᠬᠤ᠎ᠦᠭᠡᠢ ᠭᠡᠵᠦ ᠪᠠᠷᠳᠠᠮ ᠬᠡᠯᠡᠵᠦ ᠪᠠᠢᠯ᠎ᠠ᠃ ᠺᠤᠯᠸᠨᠺᠤᠷ ᠭᠡᠳᠡᠭ ᠭᠥᠯᠴᠢᠭᠡᠷ ᠳᠠᠪᠤᠤ᠎ᠶᠢ ᠰᠣᠩᠭᠤᠨ ᠠᠪᠴᠤ ᠳᠣᠲᠤᠷ ᠬᠢᠬᠦ᠎ᠪᠡᠷ ᠪᠡᠯᠡᠳᠭᠡᠪᠡ᠃ ᠫᠧᠲᠷᠸᠢᠴᠧ᠎ᠶᠢᠨ ᠬᠡᠯᠡᠬᠦ᠎ᠪᠡᠷ ᠡᠨᠡ ᠳᠠᠪᠤᠤ ᠪᠣᠯ ᠲᠣᠷᠭᠠᠨ᠎ᠠᠴᠠ ᠪᠥᠬᠡᠯᠢᠭ ᠪᠥᠭᠡᠳ ᠥᠩᠭᠡ ᠵᠢᠯᠠᠭ᠎ᠠ ᠰᠠᠢᠲᠠᠢ ᠭᠡᠨ᠎ᠡ᠃ ᠪᠤᠯᠠᠭ᠎ᠠ ᠦᠨᠡᠲᠡᠢ ᠭᠡᠳ ᠲᠡᠳᠡ ᠠᠪᠤᠭᠰᠠᠨ᠎ᠦᠭᠡᠢ᠃ ᠣᠷᠤᠨ᠎ᠳᠤᠨᠢ ᠨᠢᠭᠡ ᠳᠡᠯᠭᠡᠭᠦᠷ᠎ᠡᠴᠡ ᠬᠣᠪᠤᠷᠬᠠᠨ ᠣᠯᠳᠠᠳᠠᠭ ᠰᠠᠢᠬᠠᠨ ᠮᠤᠤᠷ᠎ᠤᠨ ᠠᠷᠠᠰᠤ ᠠᠪᠴᠠᠢ᠃ ᠲᠡᠭᠦᠨ᠎ᠢ ᠬᠣᠯᠠ᠎ᠠᠴᠠ ᠬᠠᠷᠠᠭᠰᠠᠨ ᠬᠥᠮᠦᠨ ᠯᠠᠪ ᠪᠤᠯᠠᠭᠠᠨ ᠵᠠᠭᠠᠮ᠎ᠠ ᠭᠡᠵᠦ ᠠᠨᠳᠠᠭᠤᠷᠠᠨ᠎ᠠ᠃ ᠫᠧᠲᠷᠸᠢᠴᠧ ᠪᠦᠬᠦᠯᠢ ᠬᠣᠶᠠᠷ ᠭᠠᠷᠠᠭ ᠨᠣᠴᠤᠯᠳᠤᠵᠤ ᠪᠠᠢᠵᠤ ᠲᠡᠷᠡ ᠰᠢᠨᠧᠯ᠎ᠢ ᠬᠢᠵᠦ ᠳᠠᠭᠤᠰᠭᠠᠵᠠᠢ᠃ ᠫᠧᠲᠷᠸᠢᠴᠧ ᠬᠥᠯᠦᠰᠦᠨ᠎ᠳᠡᠭᠡᠨ ᠠᠷᠪᠠᠨ ᠬᠣᠶᠠᠷ ᠷᠦᠪᠯᠢ ᠠᠪᠤᠪᠠ᠃ ᠡᠭᠦᠨ᠎ᠡᠴᠡ ᠪᠠᠭ᠎ᠠ ᠬᠥᠯᠦᠰᠦ ᠠᠪᠴᠤ ᠭᠣᠷᠢ᠎ᠦᠭᠡᠢ ᠠᠵᠢ᠃ ᠤᠴᠢᠷ᠎ᠨᠢ ᠲᠡᠷᠡ᠎ᠬᠦ ᠰᠢᠨᠧᠯ᠎ᠢ ᠪᠦᠷ ᠲᠣᠷᠭᠠᠨ ᠤᠲᠠᠰᠤ᠎ᠪᠠᠷ ᠬᠣᠶᠠᠷ ᠮᠥᠷ ᠰᠢᠭᠯᠠᠨ ᠣᠶᠤᠵᠠᠢ᠃ ᠣᠶᠤᠵᠤ ᠳᠠᠭᠤᠰᠭᠠᠭᠰᠠᠨ᠎ᠤ ᠳᠠᠷᠠᠭ᠎ᠠ᠂ ᠰᠢᠳᠦ᠎ᠪᠡᠷ᠎ᠢᠶᠡᠨ ᠣᠶᠤᠭᠠᠰᠤ᠎ᠶᠢᠨ ᠳᠠᠭᠠᠤ ᠨᠢᠳᠭᠡᠷᠦᠨ ᠬᠠᠵᠠᠵᠤ᠂ ᠣᠪᠤᠭᠤᠷ ᠳᠣᠪᠤᠭᠤᠷ᠎ᠢ᠎ᠨᠢ ᠲᠡᠭᠰᠢᠯᠡᠭᠰᠡᠨ ᠪᠢᠯᠡ᠃ ᠲᠡᠷᠡ ᠡᠳᠦᠷ ᠁ ᠴᠣᠬᠤᠮ ᠬᠡᠳᠦᠨ᠎ᠦ ᠡᠳᠦᠷ ᠭᠡᠳᠡᠭ᠎ᠢ ᠬᠡᠯᠡᠬᠦ᠎ᠳᠦ ᠪᠡᠷᠬᠡᠲᠡᠢ᠎ᠶᠦᠮ᠃ ᠪᠠᠷᠤᠭ᠎ᠯᠠ ᠠᠺᠠᠺᠢ ᠠᠺᠠᠺᠢᠶᠸᠢᠴᠧ᠎ᠶᠢᠨ ᠨᠢᠭᠡ ᠨᠠᠰᠤᠨ᠎ᠳᠠᠬᠢ ᠬᠠᠮᠤᠭ᠎ᠤᠨ ᠦᠪᠡᠳᠡᠭᠰᠢ ᠶᠡᠬᠡ ᠪᠠᠶᠠᠷ᠎ᠤᠨ ᠡᠳᠦᠷ᠂ ᠫᠧᠲᠷᠸᠢᠴᠧ ᠰᠢᠨ᠎ᠡ ᠰᠢᠨ᠋ᠧᠯ ᠬᠦᠷᠭᠡᠨ ᠢᠷᠡᠯ᠎ᠡ᠃ ᠥᠷᠯᠦᠭᠡ ᠡᠷᠲᠡ ᠠᠺᠠᠺᠢ ᠠᠺᠠᠺᠢᠶᠸᠢᠴᠧ ᠠᠵᠢᠯᠯᠠᠬᠤ᠎ᠪᠠᠷ ᠶᠠᠪᠤᠬᠤ ᠭᠡᠵᠦ ᠪᠠᠢᠲᠠᠯ᠎ᠠ ᠰᠢᠨᠧᠯ᠎ᠢ᠎ᠨᠢ ᠠᠪᠴᠢᠷᠠᠵᠤ ᠥᠭᠪᠡ᠃ ᠶᠢᠰᠦ ᠣᠷᠤᠵᠤ ᠤᠯᠠᠮ ᠤᠯᠠᠮ ᠬᠦᠢᠲᠡᠷᠡᠬᠦ ᠮᠠᠶᠢᠭᠲᠠᠢ ᠪᠠᠢᠭᠰᠠᠨ ᠡᠨᠡ ᠬᠡᠳᠦᠨ ᠡᠳᠦᠷ᠎ᠦᠨ ᠳᠣᠲᠤᠷ᠎ᠠ᠂ ᠰᠢᠨᠧᠯ᠎ᠢ᠎ᠨᠢ ᠠᠪᠴᠢᠷᠠᠵᠤ ᠥᠭᠭᠦᠭᠰᠡᠨ᠎ᠨᠢ ᠶᠣᠰᠤᠲᠠᠢ ᠴᠠᠭ᠎ᠲᠤᠨᠢ ᠲᠣᠬᠢᠷᠠᠭᠤᠯᠵᠠᠢ᠃ ᠁ ᠫᠧᠲᠷᠸᠢᠴᠧ ᠰᠢᠨᠧᠯ᠎ᠢᠶᠡᠨ ᠠᠪᠴᠤ ᠭᠠᠷᠭᠠᠨ᠂ ᠲᠤᠩ ᠶᠡᠬᠡ ᠣᠮᠤᠷᠬᠠᠭ ᠪᠠᠢᠳᠠᠯᠲᠠᠢ ᠬᠠᠷᠠᠵᠤ ᠠᠪᠤᠭᠠᠳ ᠬᠣᠶᠠᠷ ᠭᠠᠷ᠎ᠢᠶᠠᠷ ᠰᠡᠪᠬᠢᠲᠡᠯ᠎ᠡ ᠡᠷᠭᠦᠨ᠂ ᠠᠺᠠᠺᠢ ᠠᠺᠠᠺᠢᠶᠸᠢᠴᠧ᠎ᠳᠦ ᠨᠥᠮᠦᠷᠭᠡᠭᠡᠳ ᠡᠰᠢ ᠲᠡᠰᠢ ᠲᠡᠭᠰᠢᠯᠡᠨ ᠲᠠᠲᠠᠭᠰᠠᠨ᠎ᠤ ᠳᠠᠷᠠᠭ᠎ᠠ᠂ ᠪᠠᠰᠠ ᠥᠷᠦᠭᠡᠰᠦᠨ ᠭᠠᠷ᠎ᠢᠶᠠᠷ᠎ᠢᠶᠠᠨ ᠠᠷᠤ ᠬᠣᠷᠮᠤᠢ᠎ᠶᠢ᠎ᠨᠢ ᠳᠣᠷᠤᠭᠰᠢ ᠰᠤᠭᠰᠤᠷᠤᠨ ᠥᠭᠭᠦᠭᠡᠳ᠂ ᠡᠩᠭᠡᠷ ᠵᠠᠭᠠᠮ᠎ᠠ᠎ᠶᠢ᠎ᠨᠢ ᠲᠣᠬᠢᠷᠠᠭᠤᠯᠤᠨ᠂ ᠬᠡᠳᠦᠨ ᠲᠣᠪᠴᠢ᠎ᠶᠢ᠎ᠨᠢ ᠲᠣᠪᠴᠢᠯᠠᠭᠰᠠᠨ᠎ᠳᠤ ᠲᠡᠷᠡ ᠰᠢᠨ᠋ᠧᠯ ᠠᠺᠠᠺᠢ ᠠᠺᠠᠺᠢᠶᠸᠢᠴᠧ᠎ᠶᠢᠨ ᠪᠡᠶ᠎ᠡ᠎ᠳᠦ ᠶᠠᠪ ᠴᠠᠪ ᠲᠣᠬᠢᠷᠠᠯ᠎ᠠ᠃ ᠠᠺᠠᠺᠢ ᠠᠺᠠᠺᠢᠶᠸᠢᠴᠧ ᠠᠬᠢᠮᠠᠭ ᠨᠠᠰᠤᠨ᠎ᠤ ᠬᠥᠮᠦᠨ᠎ᠦ ᠵᠠᠩᠰᠢᠯ᠎ᠢᠶᠠᠷ ᠬᠠᠨᠴᠤᠢ᠎ᠨᠢ ᠶᠠᠮᠠᠷ ᠪᠣᠯᠤᠭᠰᠠᠨ᠎ᠢ ᠲᠤᠷᠰᠢᠨ ᠦᠵᠡᠬᠦ ᠭᠡᠯ᠎ᠡ᠃ ᠫᠧᠲᠷᠸᠢᠴᠧ ᠲᠡᠭᠦᠨ᠎ᠳᠦ ᠡᠯᠪᠡᠵᠦ ᠬᠠᠨᠴᠤᠢ᠎ᠶᠢ᠎ᠨᠢ ᠬᠠᠨᠴᠤᠢᠯᠠᠭᠤᠯᠤᠭᠰᠠᠨ᠎ᠳᠤ ᠪᠠᠰᠠ᠎ᠯᠠ ᠰᠠᠢᠬᠠᠨ ᠲᠠᠭᠠᠷᠠᠭᠰᠠᠨ ᠪᠠᠢᠯ᠎ᠠ᠃ ᠨᠢᠭᠡ᠎ᠯᠡ ᠦᠭᠡ᠎ᠪᠡᠷ ᠬᠡᠯᠡᠪᠡᠯ᠂ ᠰᠢᠨ᠎ᠡ ᠰᠢᠨ᠋ᠧᠯ᠎ᠨᠢ ᠲᠤᠩ ᠰᠠᠢᠬᠠᠨ᠃ ᠁ ᠲᠡᠢᠨ᠎ᠬᠦ ᠠᠺᠠᠺᠢ ᠠᠺᠠᠺᠢᠶᠸᠢᠴᠧ ᠣᠶᠤᠳᠠᠯᠴᠢᠨ᠎ᠤ ᠬᠥᠯᠦᠰᠦ᠎ᠶᠢ ᠪᠣᠳᠤᠵᠤ ᠥᠭᠴᠢᠬᠡᠭᠡᠳ᠂ ᠲᠠᠯᠠᠷᠬᠠᠯ᠎ᠤᠨ ᠬᠡᠳᠦᠨ ᠦᠭᠡ ᠬᠡᠯᠡᠭᠡᠳ ᠰᠢᠨ᠎ᠡ ᠰᠢᠨᠧᠯ᠎ᠢᠶᠡᠨ ᠡᠮᠦᠰᠦᠨ᠂ ᠠᠵᠢᠯᠯᠠᠬᠤ᠎ᠪᠠᠷ ᠶᠠᠪᠤᠪᠠ᠃ ᠁ ᠠᠺᠠᠺᠢ ᠠᠺᠠᠺᠢᠶᠸᠢᠴᠧ ᠶᠠᠭ᠎ᠯᠠ ᠪᠠᠶᠠᠷ ᠳᠤᠷᠠᠰᠭᠠᠯ᠎ᠤᠨ ᠡᠳᠦᠷ ᠵᠤᠭᠠᠴᠠᠨ ᠶᠠᠪᠤᠵᠤ ᠪᠤᠢ ᠮᠡᠲᠦ ᠪᠠᠶᠠᠷ ᠪᠠᠶᠠᠰᠭᠤᠯᠠᠩ᠎ᠲᠠᠢ ᠤᠷᠤᠭᠰᠢ ᠠᠯᠬᠤᠬᠤ᠎ᠶᠢᠨ᠎ᠢᠶᠠᠨ ᠳᠠᠭᠠᠤ᠂ ᠰᠢᠨ᠎ᠡ ᠰᠢᠨ᠋ᠧᠯ ᠡᠮᠦᠰᠦᠭᠰᠡᠨ᠎ᠢᠶᠡᠨ ᠴᠠᠭ ᠢᠮᠠᠭᠲᠠ ᠪᠣᠳᠤᠵᠤ᠂ ᠳᠣᠲᠤᠭᠠᠳᠤ ᠰᠡᠳᠭᠢᠯ᠎ᠡᠴᠡ᠎ᠪᠡᠨ ᠬᠡᠳᠦᠨᠲᠡ ᠪᠠᠶᠠᠷᠯᠠᠨ᠂ ᠢᠨᠢᠶᠡᠬᠦ ᠳᠠᠭᠤᠨ ᠰᠣᠨᠤᠰᠳᠠᠨ᠎ᠠ᠃ ᠦᠨᠡᠬᠡᠷ ᠡᠢᠮᠦ ᠮᠠᠶᠢ᠍ᠭ᠎ᠤᠨ ᠰᠢᠨ᠋ᠧᠯ ᠪᠣᠯ ᠳᠤᠯᠠᠭᠠᠬᠠᠨ ᠮᠥᠷᠲᠡᠭᠡᠨ ᠰᠠᠢᠬᠠᠨ ᠬᠠᠷᠠᠭᠳᠠᠬᠤ ᠠᠵᠢ᠃ ᠲᠡᠢᠨ᠎ᠬᠦ ᠡᠨᠡ ᠲᠦᠰᠢᠮᠡᠯ ᠮᠡᠳᠡᠭᠰᠡᠨ᠎ᠴᠦ᠎ᠦᠭᠡᠢ᠎ᠪᠡᠷ ᠡᠳᠦᠢ ᠲᠡᠳᠦᠢ ᠬᠣᠯᠠ ᠶᠠᠪᠤᠵᠤ᠂ ᠭᠱᠠᠨ ᠵᠠᠭᠤᠷ᠎ᠠ᠎ᠳᠤ ᠵᠤᠷᠭᠠᠨ᠎ᠳᠠᠭᠠᠨ ᠬᠥᠷᠴᠢᠬᠡᠵᠡᠢ᠃ ᠡᠭᠦᠳᠡᠨ᠎ᠦ ᠥᠷᠦᠭᠡᠨ᠎ᠳᠦ ᠰᠢᠨᠧᠯ᠎ᠢᠶᠡᠨ ᠲᠠᠢᠯᠵᠤ ᠡᠯᠭᠦᠭᠡᠳ᠂ ᠡᠷᠭᠢᠨ ᠲᠣᠭᠤᠷᠢᠨ᠎ᠢ ᠠᠵᠢᠭᠯᠠᠨ ᠬᠠᠷᠠᠭᠠᠳ᠂ ᠡᠭᠦᠳᠡᠨ᠎ᠦ ᠬᠠᠷᠠᠭᠤᠯ᠎ᠳᠤ᠂ ᠮᠢᠨᠦ ᠰᠢᠨᠧᠯ᠎ᠢ ᠰᠠᠢᠨ ᠠᠵᠢᠭᠯᠠᠵᠤ ᠪᠠᠢᠭᠠᠷᠠᠢ ᠭᠡᠵᠦ ᠵᠠᠬᠢᠪᠠ᠃ ᠁ ᠪᠦᠭᠦᠳᠡᠭᠡᠷ᠎ᠢᠶᠡᠨ ᠡᠭᠦᠳᠡᠨ᠎ᠦ ᠥᠷᠦᠭᠡᠨ᠎ᠳᠦ ᠭᠦᠶᠦᠨ ᠣᠴᠢᠵᠠᠭᠠᠵᠤ᠂ ᠠᠺᠠᠺᠢ ᠠᠺᠠᠺᠢᠶᠸᠢᠴᠧ᠎ᠶᠢᠨ ᠰᠢᠨ᠎ᠡ ᠰᠢᠨᠧᠯ᠎ᠢ ᠰᠣᠨᠢᠷᠬᠠᠨ ᠦᠵᠡᠭᠡᠳ᠂ ᠡᠵᠡᠨ᠎ᠳᠦᠨᠢ ᠪᠠᠶᠠᠷ ᠬᠦᠷᠭᠡᠨ ᠱᠠᠭᠰᠢᠨ ᠮᠠᠭᠲᠠᠵᠠᠭᠠᠯ᠎ᠠ᠃ ᠠᠺᠠᠺᠢ ᠠᠺᠠᠺᠢᠶᠸᠢᠴᠧ ᠡᠬᠢᠯᠡᠭᠡᠳ ᠢᠨᠢᠶᠡᠮᠰᠦᠭᠯᠡᠵᠦ ᠪᠠᠢᠭᠰᠠᠨ᠎ᠢᠶᠠᠨ ᠰᠡᠭᠦᠯᠳᠡᠵᠦ ᠢᠷᠡᠭᠡᠳ ᠪᠠᠬᠠᠨ ᠰᠢᠷᠪᠡᠭᠡᠲᠦᠵᠦ ᠪᠠᠢᠯ᠎ᠠ᠃ ᠲᠡᠳᠡᠭᠡᠷ ᠬᠥᠮᠦᠰ ᠡᠮᠦᠨ᠎ᠡ᠎ᠨᠢ ᠴᠤᠭᠯᠠᠷᠠᠵᠤ᠂ ᠨᠠᠢᠷ ᠬᠢᠵᠦ ᠰᠢᠨ᠎ᠡ ᠰᠢᠨᠧᠯ᠎ᠢᠶᠡᠨ ᠮᠢᠯᠢᠶᠠᠬᠤ ᠪᠤᠶᠤ ᠨᠠᠭᠠᠳᠤ ᠵᠠᠬ᠎ᠠ᠎ᠨᠢ ᠦᠳᠡᠰᠢᠯᠡᠭᠡ ᠬᠢᠵᠦ ᠨᠥᠬᠦᠳ᠎ᠢᠶᠡᠨ ᠳᠠᠢᠯᠠᠪᠠᠯ ᠵᠣᠬᠢᠨ᠎ᠠ ᠭᠡᠵᠦ ᠡᠷᠦᠢ ᠬᠤᠷᠤᠢ᠎ᠦᠭᠡᠢ ᠱᠤᠤᠭᠢᠯᠳᠤᠬᠤ᠎ᠳᠤ᠂ ᠠᠺᠠᠺᠢ ᠠᠺᠠᠺᠢᠶᠸᠢᠴᠧ ᠶᠠᠭᠠᠬᠢᠵᠤ ᠠᠷᠭᠠᠴᠠᠬᠤ᠂ ᠶᠠᠭᠤ ᠭᠡᠵᠦ ᠬᠠᠷᠢᠭᠤ ᠬᠡᠯᠡᠬᠦ᠂ ᠬᠡᠷᠬᠢᠨ ᠵᠠᠢᠯᠠᠰᠬᠢᠬᠦ᠎ᠪᠡᠨ ᠣᠯᠵᠤ ᠶᠠᠳᠠᠨ ᠮᠡᠯᠡ ᠭᠠᠢᠬᠠᠨ ᠴᠡᠯ ᠬᠥᠬᠡᠷᠡᠪᠡ᠃ ᠬᠡᠳᠦᠨ ᠮᠢᠨ᠋ᠦ᠋ᠲ ᠳᠤᠭᠤᠢ ᠪᠠᠢᠭᠰᠠᠨ᠎ᠢᠶᠠᠨ ᠴᠢᠷᠠᠢ᠎ᠪᠠᠨ ᠤᠯᠠᠢᠯᠭᠠᠨ: ᠡᠨᠡ ᠰᠢᠨ᠋ᠧᠯ ᠪᠣᠯ ᠰᠢᠨ᠎ᠡ ᠪᠢᠰᠢ᠎ᠶᠦᠮ᠃ ᠬᠠᠭᠤᠴᠢᠨ ᠡᠳ᠋ ᠰᠢᠤ ᠭᠡᠵᠦ ᠮᠠᠰᠢ ᠴᠠᠢᠯᠭᠠᠨ ᠰᠡᠳᠭᠢᠯ᠎ᠢᠶᠡᠷ ᠲᠠᠢᠯᠪᠤᠷᠢᠯᠠᠨ ᠬᠡᠯᠡᠪᠡ᠃ ᠡᠴᠦᠰ᠎ᠲᠡᠭᠡᠨ ᠨᠢᠭᠡ ᠲᠦᠰᠢᠮᠡᠯ᠂ ᠲᠡᠭᠡᠬᠦ᠎ᠳᠡᠭᠡᠨ ᠪᠠᠰᠠ ᠳᠡᠳ᠋ ᠲᠠᠰᠤᠭ᠎ᠤᠨ ᠳᠠᠷᠤᠭ᠎ᠠ: 《ᠵᠠ ᠲᠡᠭᠡᠪᠡᠯ ᠣᠯᠳᠤᠢ ᠪᠢ ᠠᠺᠠᠺᠢ ᠠᠺᠠᠺᠢᠶᠸᠢᠴᠧ᠎ᠶᠢ ᠣᠷᠤᠯᠠᠵᠤ ᠨᠢᠭᠡ ᠦᠳᠡᠰᠢᠯᠡᠭᠡ ᠬᠢᠶ᠎ᠡ᠂ ᠡᠷᠬᠢᠮ ᠨᠥᠬᠦᠳ ᠡᠨᠡ ᠦᠳᠡᠰᠢ ᠮᠢᠨᠦ ᠭᠡᠷ᠎ᠲᠦ ᠮᠣᠷᠢᠯᠠᠨ ᠪᠠᠭᠤᠵᠠᠭᠠᠵᠤ ᠴᠠᠢᠯᠠᠯᠭ᠎ᠠ᠎ᠳᠤ ᠣᠷᠤᠬᠤ᠎ᠶᠢ ᠬᠦᠰᠡᠶ᠎ᠡ ᠁》 ᠭᠡᠵᠦ ᠬᠡᠯᠡᠪᠡ᠃ ᠲᠡᠳᠡᠭᠡᠷ ᠲᠦᠰᠢᠮᠡᠳ ᠬᠡᠯᠡᠯᠭᠡᠨ᠎ᠦᠭᠡᠢ᠎ᠪᠡᠷ ᠲᠡᠷᠡ ᠳᠠᠷᠤᠢ᠎ᠨᠢ ᠡᠨᠡ᠎ᠬᠦ ᠳᠡᠳ᠋ ᠳᠠᠷᠤᠭ᠎ᠠ᠎ᠳᠤ ᠪᠠᠶᠠᠷ ᠲᠠᠯᠠᠷᠬᠠᠯ ᠬᠦᠷᠭᠡᠨ᠂ ᠲᠡᠭᠦᠨ᠎ᠦ ᠤᠷᠢᠯᠭ᠎ᠠ᠎ᠶᠢ ᠳᠤᠷᠠᠲᠠᠶ᠎ᠠ ᠬᠦᠯᠢᠶᠡᠨ ᠠᠪᠴᠠᠭᠠᠯ᠎ᠠ᠃ ᠠᠺᠠᠺᠢ ᠠᠺᠠᠺᠢᠶᠸᠢᠴᠧ ᠡᠬᠢᠯᠡᠭᠡᠳ ᠡᠨᠡ ᠲᠡᠷᠡ᠎ᠪᠡᠷ ᠰᠢᠯᠲᠠᠭᠯᠠᠨ ᠣᠴᠢᠬᠤ᠎ᠦᠭᠡᠢ ᠭᠡᠰᠡᠨ ᠪᠣᠯᠪᠠᠴᠤ ᠲᠡᠳᠡᠭᠡᠷ ᠬᠥᠮᠦᠰ ᠴᠥᠮ ᠢᠳᠭᠠᠨ᠂ ᠳᠡᠩᠳᠡᠭᠦᠦ ᠶᠣᠰᠤ ᠵᠢᠷᠤᠮ᠎ᠦᠭᠡᠢ ᠬᠡᠷᠡᠭ᠂ ᠶᠣᠰᠤᠲᠠᠢ ᠢᠴᠢᠭᠦᠷᠢᠲᠡᠢ ᠶᠠᠪᠤᠳᠠᠯ ᠭᠡᠵᠡᠭᠡᠬᠦ ᠲᠤᠯᠠ ᠲᠠᠲᠠᠭᠠᠯᠵᠠᠬᠤᠶ᠎ᠠ ᠪᠡᠷᠬᠡ ᠪᠣᠯᠵᠠᠢ᠃ ᠭᠡᠰᠡᠨ᠎ᠴᠦ ᠳᠠᠷᠠᠭ᠎ᠠ᠎ᠨᠢ ᠥᠪᠡᠷ᠎ᠢᠶᠡᠨ: ᠡᠨᠡ ᠳᠠᠯᠢᠮ᠎ᠢᠶᠠᠷ ᠰᠢᠨ᠎ᠡ ᠰᠢᠨᠧᠯ᠎ᠢᠶᠡᠨ ᠡᠮᠦᠰᠦᠭᠡᠳ ᠭᠠᠳᠠᠭᠤᠷ ᠶᠠᠪᠤᠵᠤ ᠦᠵᠡᠶ᠎ᠡ᠎ᠯᠡ ᠳ᠋ᠠ ᠭᠡᠵᠦ ᠪᠣᠳᠤᠭᠠᠳ ᠳᠣᠲᠤᠷ᠎ᠠ᠎ᠨᠢ ᠶᠡᠬᠡᠯ᠎ᠡ ᠲᠠᠭᠠᠲᠠᠢ ᠰᠠᠨᠠᠭᠳᠠᠵᠠᠢ᠃ ᠡᠨᠡ ᠨᠢᠭᠡᠨ ᠡᠳᠦᠷ ᠠᠺᠠᠺᠢ ᠠᠺᠠᠺᠢᠶᠸᠢᠴᠧ᠎ᠳᠦ ᠠᠪᠴᠤ ᠬᠡᠯᠡᠪᠡᠯ ᠦᠨᠡᠬᠡᠷ ᠬᠠᠮᠤᠭ᠎ᠤᠨ ᠶᠡᠬᠡ ᠦᠪᠡᠳᠡᠭᠰᠢ ᠪᠠᠶᠠᠷ ᠳᠤᠷᠠᠰᠭᠠᠯ᠎ᠤᠨ ᠡᠳᠦᠷ ᠪᠣᠯᠵᠠᠢ᠃ ᠲᠡᠢᠨ᠎ᠬᠦ ᠡᠨᠡ ᠲᠦᠰᠢᠮᠡᠯ ᠭᠤᠸᠠᠢ ᠬᠢᠵᠠᠭᠠᠯᠠᠰᠢ᠎ᠦᠭᠡᠢ ᠶᠡᠬᠡ ᠵᠣᠯ ᠵᠢᠷᠭᠠᠯ᠎ᠤᠨ ᠰᠡᠳᠭᠢᠯᠭᠡ᠎ᠲᠡᠢ ᠭᠡᠷ᠎ᠲᠡᠭᠡᠨ ᠬᠠᠷᠢᠵᠤ ᠢᠷᠡᠭᠡᠳ ᠰᠢᠨᠧᠯ᠎ᠢᠶᠡᠨ ᠲᠠᠢᠯᠤᠨ ᠪᠠᠰᠠ ᠨᠢᠭᠡ ᠤᠳᠠᠭ᠎ᠠ ᠳᠣᠲᠤᠷ ᠭᠠᠳᠠᠷ᠎ᠢ᠎ᠨᠢ ᠪᠠᠬᠠᠷᠬᠠᠨ ᠦᠵᠡᠭᠡᠳ ᠬᠠᠨᠠᠨ᠎ᠳᠠᠭᠠᠨ ᠬᠢᠴᠢᠶᠡᠩᠭᠦᠢ ᠡᠯᠭᠦᠪᠡ᠃ ᠳᠠᠷᠠᠭ᠎ᠠ᠎ᠨᠢ ᠪᠠᠰᠠ ᠥᠨᠥᠬᠢ ᠬᠠᠭᠤᠴᠢᠨ ᠰᠢᠨᠧᠯ᠎ᠢᠶᠡᠨ ᠠᠪᠴᠢᠷᠠᠨ ᠲᠠᠭᠠᠷᠠᠭᠤᠯᠵᠤ ᠦᠵᠡᠵᠡᠢ᠃ ᠬᠠᠭᠤᠴᠢᠨ ᠰᠢᠨᠧᠯ᠎ᠢᠶᠡᠨ ᠬᠠᠷᠠᠵᠤ ᠦᠵᠡᠭᠡᠳ ᠦᠨᠡᠬᠡᠷ ᠲᠡᠭᠷᠢ ᠭᠠᠵᠠᠷ᠎ᠤᠨ ᠵᠥᠷᠢᠶᠡᠲᠡᠢ ᠠᠵᠢ ᠭᠡᠵᠦ ᠪᠣᠳᠤᠨ᠂ ᠲᠡᠰᠭᠡᠯ᠎ᠦᠭᠡᠢ ᠢᠨᠢᠶᠡᠳᠦ ᠠᠯᠳᠠᠯ᠎ᠠ᠃ ᠨᠡᠯᠢᠶᠡᠳ ᠤᠳᠠᠭᠠᠳ ᠦᠳᠡ᠎ᠶᠢᠨ ᠬᠣᠭᠤᠯᠠ ᠢᠳᠡᠬᠦ ᠵᠠᠭᠤᠷ᠎ᠠ ᠥᠪᠡᠷ᠎ᠢᠶᠡᠨ ᠲᠡᠢᠮᠦ ᠰᠢᠨ᠋ᠧᠯ ᠡᠮᠦᠰᠦᠭᠡᠳ ᠶᠠᠪᠤᠵᠤ ᠪᠠᠢᠭᠰᠠᠨ ᠪᠠᠢᠳᠠᠯ᠎ᠢᠶᠠᠨ ᠪᠣᠳᠤᠬᠤ ᠪᠦᠷᠢ ᠪᠠᠢᠨ ᠪᠠᠢᠨ ᠢᠨᠢᠶᠡᠳᠦ ᠠᠯᠳᠠᠵᠤ᠎ᠯᠠ ᠪᠠᠢᠪᠠ᠃ ᠬᠣᠭᠤᠯᠠ᠎ᠪᠠᠨ ᠪᠠᠶᠠᠷ ᠪᠠᠶᠠᠰᠭᠤᠯᠠᠩᠲᠠᠢ ᠢᠳᠡᠵᠦ ᠳᠠᠭᠤᠰᠪᠠ᠃ ᠬᠣᠭᠤᠯᠠᠨ᠎ᠤ᠎ᠪᠠᠨ ᠳᠠᠷᠠᠭ᠎ᠠ ᠶᠠᠮᠠᠷ᠎ᠴᠤ ᠠᠯᠪᠠᠨ ᠪᠢᠴᠢᠭ ᠬᠠᠭᠤᠯᠤᠭᠰᠠᠨ᠎ᠦᠭᠡᠢ᠎ᠪᠠᠷ ᠭᠡᠭᠡ᠎ᠲᠡᠢ ᠪᠠᠢᠬᠤ᠎ᠶᠢ ᠵᠠᠪᠳᠤᠨ᠂ ᠣᠷᠤᠨ ᠳᠡᠭᠡᠷ᠎ᠡ᠎ᠪᠡᠨ ᠬᠡᠪᠲᠡᠨ ᠶᠠᠰᠤ ᠠᠮᠠᠷᠠᠪᠠ᠃ ᠳᠠᠷᠠᠭ᠎ᠠ᠎ᠨᠢ ᠳᠡᠪᠡᠯ ᠬᠤᠪᠴᠠᠰᠤ᠎ᠪᠠᠨ ᠲᠦᠷᠭᠡᠯᠡᠨ ᠡᠮᠦᠰᠴᠦ ᠰᠢᠨᠧᠯ᠎ᠢᠶᠡᠨ ᠨᠥᠮᠦᠷᠦᠭᠡᠳ ᠭᠠᠳᠠᠭᠰᠢ ᠭᠠᠷᠴᠤ ᠶᠠᠪᠤᠯ᠎ᠠ᠃ ᠁ ᠠᠺᠠᠺᠢ ᠠᠺᠠᠺᠢᠶᠸᠢᠴᠧ ᠳᠡᠳ᠋ ᠲᠠᠰᠤᠭ᠎ᠤᠨ ᠳᠠᠷᠤᠭ᠎ᠠ᠎ᠶᠢᠨ ᠭᠡᠷ᠎ᠲᠦ ᠬᠦᠷᠦᠭᠡᠳ᠂ ᠥᠪᠡᠷ᠎ᠦᠨ ᠭᠠᠷ᠎ᠢᠶᠠᠷ ᠰᠢᠨᠧᠯ᠎ᠢᠶᠡᠨ ᠡᠯᠭᠦᠴᠢᠬᠡᠭᠡᠳ ᠳᠣᠲᠤᠭᠰᠢ ᠣᠷᠤᠬᠤ᠎ᠳᠤ᠎ᠯᠠ᠂ ᠳ᠋ᠧᠩ᠂ ᠲᠦᠰᠢᠮᠡᠳ᠂ ᠭᠠᠩᠰᠠ᠂ ᠬᠥᠵᠦᠷ ᠳᠡᠯᠭᠡᠭᠰᠡᠨ ᠰᠢᠷᠡᠭᠡ ᠵᠡᠷᠭᠡ ᠶᠠᠭᠤᠮᠠᠰ ᠨᠢᠳᠦᠨ᠎ᠳᠦᠨᠢ ᠵᠡᠷᠭᠡ᠎ᠪᠡᠷ ᠡᠷᠢᠶᠡᠯᠵᠡᠨ ᠦᠵᠡᠭᠳᠡᠵᠦ᠂ ᠭᠡᠷ ᠳᠦᠭᠦᠷᠡᠩ ᠱᠤᠤᠭᠢᠯᠳᠤᠬᠤ ᠦᠭᠡ ᠶᠠᠷᠢᠶ᠎ᠠ ᠬᠢᠭᠡᠳ ᠰᠠᠨᠳᠠᠯᠢ ᠰᠢᠷᠡᠭᠡ ᠲᠦᠯᠬᠢᠵᠦ ᠲᠠᠲᠠᠬᠤ ᠳᠠᠭᠠᠤ ᠴᠢᠮᠡᠭᠡ ᠴᠢᠬᠢ᠎ᠶᠢ᠎ᠨᠢ ᠳᠥᠵᠢᠷᠡᠭᠦᠯᠪᠡ᠃ ᠲᠡᠢᠨ᠎ᠬᠦ ᠠᠺᠠᠺᠢ ᠠᠺᠠᠺᠢᠶᠸᠢᠴᠧ ᠭᠡᠷ᠎ᠦᠨ ᠳᠤᠮᠳᠠ ᠮᠡᠯᠡᠷᠡᠨ ᠵᠣᠭᠰᠤᠭᠠᠳ ᠴᠣᠬᠤᠮ ᠶᠠᠭᠠᠬᠢᠪᠠᠯ ᠲᠠᠭᠠᠷᠠᠬᠤ᠎ᠶᠢ ᠣᠯᠵᠤ ᠶᠠᠳᠠᠨ ᠪᠣᠳᠤᠯᠭ᠎ᠠ ᠪᠣᠯᠤᠨ᠎ᠠ᠃ ᠡᠨᠡ ᠦᠶᠡᠰ᠂ ᠬᠥᠮᠦᠨ ᠲᠡᠭᠦᠨ᠎ᠢ ᠣᠯᠵᠤ ᠦᠵᠡᠭᠡᠳ ᠪᠠᠶᠠᠷᠯᠠᠨ ᠤᠭᠲᠤᠵᠤ ᠬᠠᠰᠭᠢᠷᠤᠯᠳᠤᠬᠤ᠎ᠶᠢᠨ ᠳᠠᠭᠠᠤ ᠪᠦᠭᠦᠳᠡᠭᠡᠷ ᠡᠭᠦᠳᠡᠨ᠎ᠦ ᠥᠷᠦᠭᠡᠨ᠎ᠳᠦ ᠢᠷᠡᠵᠡᠭᠡᠨ᠂ ᠰᠢᠨᠧᠯ᠎ᠢ᠎ᠨᠢ ᠪᠠᠰᠠ ᠨᠢᠭᠡ ᠤᠳᠠᠭ᠎ᠠ ᠰᠣᠨᠢᠷᠬᠠᠨ ᠦᠵᠡᠵᠡᠭᠡᠯ᠎ᠡ᠃ ᠁ ᠱᠤᠤᠭᠢᠶᠠᠨ ᠦᠢᠮᠡᠭᠡᠨ᠂ ᠦᠭᠡ ᠶᠠᠷᠢᠯᠴᠠᠬᠤ ᠳᠠᠭᠤᠨ ᠴᠢᠮᠡᠭᠡ᠂ ᠪᠦᠯᠦᠭ ᠪᠦᠯᠦᠭ᠎ᠢᠶᠡᠷ ᠰᠠᠭᠤᠭᠰᠠᠨ ᠬᠥᠮᠦᠰ ᠡᠨᠡ ᠪᠦᠬᠦᠨ᠂ ᠠᠺᠠᠺᠢ ᠠᠺᠠᠺᠢᠶᠸᠢᠴᠧ᠎ᠳᠦ ᠲᠤᠩ ᠰᠣᠨᠢᠬᠠᠨ ᠰᠠᠨᠠᠭᠳᠠᠭᠰᠠᠨ ᠲᠤᠯᠠ ᠭᠠᠢᠬᠠᠰᠢ ᠠᠯᠲᠠᠨ ᠭᠠᠷ ᠬᠥᠯ ᠪᠣᠯᠤᠨ ᠪᠦᠬᠦ ᠪᠡᠶ᠎ᠡ᠎ᠪᠡᠨ ᠬᠠᠮᠢᠭ᠎ᠠ ᠣᠷᠤᠭᠤᠯᠬᠤ᠎ᠪᠠᠨ ᠣᠯᠵᠤ ᠶᠠᠳᠠᠭᠰᠠᠭᠠᠷ ᠡᠴᠦᠰ᠎ᠲᠦᠨᠢ ᠬᠥᠵᠦᠷ ᠲᠣᠭᠯᠠᠵᠤ ᠪᠤᠢ ᠬᠥᠮᠦᠰ᠎ᠦᠨ ᠳᠡᠷᠭᠡᠳᠡ ᠣᠴᠢᠵᠤ ᠰᠠᠭᠤᠭᠠᠳ᠂ ᠲᠡᠳᠡᠨ᠎ᠦ ᠲᠣᠭᠯᠠᠬᠤ᠎ᠶᠢ ᠦᠵᠡᠵᠦ᠂ ᠬᠥᠮᠦᠨ ᠬᠥᠮᠦᠨ᠎ᠦ ᠨᠢᠭᠤᠷ ᠴᠢᠷᠠᠢ᠎ᠶᠢ ᠡᠭᠡᠯᠵᠢᠯᠡᠨ ᠠᠵᠢᠭᠯᠠᠨ᠎ᠠ᠃ ᠲᠡᠭᠡᠭᠡᠳ ᠤᠳᠠᠯ᠎ᠦᠭᠡᠢ ᠡᠪᠰᠢᠶᠡᠯᠭᠡᠨ ᠡᠬᠢᠯᠡᠵᠦ᠂ ᠤᠢᠳᠭᠠᠷᠯᠠᠨ ᠰᠠᠭᠤᠪᠠ᠃ ᠤᠨᠲᠠᠳᠠᠭ ᠴᠠᠭ᠎ᠨᠢ᠎ᠴᠤ ᠬᠡᠵᠢᠶᠡᠨᠡᠢ ᠥᠩᠭᠡᠷᠡᠴᠢᠬᠡᠵᠡᠢ᠃ ᠭᠡᠷ᠎ᠲᠡᠭᠡᠨ ᠪᠤᠴᠠᠶ᠎ᠠ ᠭᠡᠵᠦ ᠬᠦᠰᠡᠭᠰᠡᠨ ᠪᠣᠯᠪᠠᠴᠤ ᠭᠡᠷ᠎ᠦᠨ ᠡᠵᠡᠨ ᠦᠯᠦ ᠵᠥᠪᠰᠢᠶᠡᠷᠡᠭᠰᠡᠨ᠂ ᠰᠢᠨ᠎ᠡ ᠬᠤᠪᠴᠠᠰᠤ᠎ᠶᠢ᠎ᠨᠢ ᠮᠢᠯᠢᠶᠠᠬᠤ᠎ᠶᠢᠨ ᠲᠥᠯᠦᠭᠡ ᠨᠢᠭᠡ ᠬᠤᠨᠳᠠᠭ᠎ᠠ ᠱᠠᠮᠫᠠᠨ ᠠᠷᠢᠬᠢ ᠪᠠᠷᠢᠪᠠ᠃ ᠨᠢᠭᠡ ᠴᠠᠭ ᠥᠩᠭᠡᠷᠡᠭᠡᠳ ᠣᠷᠤᠢ᠎ᠶᠢᠨ ᠬᠣᠭᠤᠯᠠ ᠣᠷᠤᠵᠤ ᠢᠷᠡᠯ᠎ᠡ᠃ ᠡᠭᠦᠨ᠎ᠳᠦ᠂ ᠬᠦᠢᠲᠡᠨ ᠬᠣᠯᠢᠮᠴᠠᠭ ᠵᠠᠭᠤᠰᠢ᠂ ᠬᠦᠢᠲᠡᠨ ᠲᠤᠭᠤᠯ᠎ᠤᠨ ᠮᠢᠬ᠎ᠠ᠂ ᠦᠬᠡᠷ᠎ᠦᠨ ᠡᠯᠢᠭᠡᠨ ᠲᠠᠲᠠᠰᠢ᠂ ᠪᠣᠣᠪᠤ ᠪᠣᠭᠤᠷᠰᠤᠭ᠂ ᠱᠠᠮᠫᠠᠨ ᠠᠷᠢᠬᠢ ᠵᠡᠷᠭᠡ ᠪᠠᠢᠯ᠎ᠠ᠃ ᠪᠦᠭᠦᠳᠡᠭᠡᠷ ᠠᠺᠠᠺᠢ ᠠᠺᠠᠺᠢᠶᠸᠢᠴᠧ᠎ᠶᠢ ᠰᠢᠬᠠᠵᠤ ᠱᠠᠭᠠᠷᠳᠠᠵᠤ ᠪᠠᠢᠭᠠᠳ ᠬᠣᠶᠠᠷ ᠬᠤᠨᠳᠠᠭ᠎ᠠ ᠠᠷᠢᠬᠢ ᠤᠤᠭᠤᠯᠭᠠᠪᠠ᠃ ᠠᠷᠢᠬᠢ ᠤᠤᠭᠤᠭᠰᠠᠨ᠎ᠤ ᠳᠠᠷᠠᠭ᠎ᠠ᠂ ᠭᠡᠷ ᠳᠣᠲᠤᠷᠠᠬᠢ ᠪᠠᠢᠳᠠᠯ ᠠᠺᠠᠺᠢ ᠠᠺᠠᠺᠢᠶᠸᠢᠴᠧ᠎ᠳᠦ ᠤᠯᠠᠮ ᠶᠡᠬᠡ ᠬᠥᠷ ᠬᠥᠭᠵᠢᠶᠡᠨᠲᠡᠢ ᠰᠠᠨᠠᠭᠳᠠᠵᠤ ᠪᠠᠢᠭᠰᠠᠨ ᠪᠣᠯᠪᠠᠴᠤ ᠠᠷᠪᠠᠨ ᠬᠣᠶᠠᠷ ᠴᠠᠭ ᠥᠩᠭᠡᠷᠡᠭᠰᠡᠨ ᠲᠤᠯᠠ ᠬᠠᠷᠢᠬᠤ᠎ᠦᠭᠡᠢ ᠪᠣᠯᠬᠤ᠎ᠦᠭᠡᠢ ᠭᠡᠰᠡᠨ ᠪᠣᠳᠤᠯ ᠳᠣᠲᠤᠷ᠎ᠠ᠎ᠠᠴᠠ᠎ᠨᠢ ᠭᠠᠷᠬᠤ᠎ᠪᠠᠨ ᠪᠣᠯᠢᠪᠠ᠃ ᠭᠡᠷ᠎ᠦᠨ ᠡᠵᠡᠨ ᠵᠢᠭᠤᠷᠠᠯᠳᠤᠬᠤ᠎ᠠᠴᠠ ᠪᠣᠯᠭᠤᠮᠵᠢᠯᠠᠨ ᠠᠺᠠᠺᠢ ᠠᠺᠠᠺᠢᠶᠸᠢᠴᠧ ᠰᠡᠮᠬᠡᠨ ᠡᠭᠦᠳᠡᠨ᠎ᠦ ᠥᠷᠦᠭᠡᠨ᠎ᠳᠦᠨᠢ ᠣᠴᠢᠭᠠᠳ᠂ ᠭᠠᠵᠠᠷ ᠤᠨᠠᠭᠰᠠᠨ ᠰᠢᠨᠧᠯ᠎ᠢᠶᠡᠨ ᠰᠡᠳᠭᠢᠯ ᠡᠪᠬᠡᠷᠡᠨ ᠡᠷᠭᠦᠵᠦ ᠠᠪᠤᠭᠠᠳ ᠳᠡᠭᠡᠷ᠎ᠡ᠎ᠨᠢ ᠨᠠᠭᠠᠯᠳᠤᠭᠰᠠᠨ ᠦᠰᠦ ᠬᠢᠯᠭᠠᠰᠤ᠎ᠶᠢ ᠰᠡᠭᠰᠦᠷᠦᠨ ᠤᠨᠠᠭᠠᠭᠠᠳ᠂ ᠨᠥᠮᠦᠷᠦᠨ ᠭᠠᠷᠴᠤ᠂ ᠱᠠᠳᠤ᠎ᠪᠠᠷ ᠪᠠᠭᠤᠯ᠎ᠠ᠃ ᠁ ᠠᠺᠠᠺᠢ ᠠᠺᠠᠺᠢᠶᠸᠢᠴᠧ ᠣᠯᠠᠨ ᠵᠡᠭᠡᠯᠢ ᠭᠤᠳᠤᠮᠵᠢ᠎ᠪᠠᠷ ᠥᠩᠭᠡᠷᠡᠨ ᠶᠠᠪᠤᠵᠤ ᠶᠠᠪᠤᠭᠰᠠᠭᠠᠷ ᠨᠢᠭᠡ ᠵᠡᠭᠡᠯᠢ᠎ᠳᠦ ᠬᠦᠷᠦᠭᠰᠡᠨ᠎ᠴᠢᠨᠢ ᠡᠨᠳᠡᠬᠢ᠎ᠶᠢᠨ ᠵᠡᠭᠡᠯᠢ᠎ᠡᠴᠡ᠎ᠪᠡᠨ᠂ ᠠᠢᠳᠠᠰ ᠬᠦᠷᠦᠮᠡᠷ ᠡᠯᠡᠰᠦᠨ ᠴᠥᠯ᠎ᠰᠢᠭ ᠬᠥᠪᠡᠭᠡ ᠬᠢᠵᠠᠭᠠᠷ᠎ᠦᠭᠡᠢ ᠲᠠᠯᠠᠪᠠᠢ᠎ᠪᠠᠷ ᠵᠠᠭᠠᠭᠯᠠᠭᠳᠠᠭᠰᠠᠨ ᠲᠤᠯᠠ ᠲᠠᠯᠠᠪᠠᠢ᠎ᠶᠢᠨ ᠳᠡᠷᠭᠡᠳᠡᠭᠦᠷ ᠭᠡᠷ ᠪᠠᠢᠰᠢᠩ ᠳᠥᠩᠭᠡᠵᠢ ᠪᠦᠷᠦᠭ ᠪᠠᠷᠤᠭ ᠦᠵᠡᠭᠳᠡᠵᠦ ᠪᠠᠢᠯ᠎ᠠ᠃ ᠁ ᠠᠺᠠᠺᠢ ᠠᠺᠠᠺᠢᠶᠸᠢᠴᠧ᠎ᠶᠢᠨ ᠨᠥᠭᠦᠭᠡ ᠪᠠᠶᠠᠷ ᠪᠠᠶᠠᠰᠭᠤᠯᠠᠩᠲᠤ ᠰᠡᠳᠭᠢᠯᠭᠡ ᠶᠠᠭᠠᠬᠢᠭᠠᠳ᠎ᠶᠤᠮ ᠪᠤᠤ ᠮᠡᠳᠡ᠂ ᠡᠨᠳᠡ ᠬᠦᠷᠴᠦ ᠢᠷᠡᠭᠡᠳ ᠮᠡᠳᠡᠭᠳᠡᠬᠦᠢᠴᠡ ᠪᠠᠭᠤᠷᠠᠵᠠᠢ᠃ ᠲᠡᠭᠦᠨ᠎ᠦ ᠰᠡᠳᠭᠢᠯ᠎ᠳᠦ ᠶᠠᠮᠠᠷ ᠨᠢᠭᠡᠨ ᠮᠠᠭᠤ ᠢᠷᠤ᠎ᠠ ᠪᠣᠯᠬᠤ ᠭᠡᠵᠦ ᠪᠠᠢᠭ᠎ᠠ ᠮᠡᠲᠦ ᠪᠣᠳᠤᠭᠳᠠᠨ᠂ ᠥᠪᠡᠷ᠎ᠦᠨ ᠡᠷᠬᠡ᠎ᠦᠭᠡᠢ ᠠᠶᠤᠵᠤ ᠰᠣᠴᠢᠭᠰᠠᠭᠠᠷ ᠲᠠᠯᠠᠪᠠᠢ ᠤᠷᠤᠭᠤ ᠣᠷᠤᠵᠠᠢ᠃ ᠤᠷᠤᠭᠰᠢ᠎ᠪᠠᠨ ᠬᠣᠢᠰᠢ᠎ᠪᠠᠨ᠂ ᠬᠣᠶᠠᠷ ᠬᠠᠵᠠᠭᠤ ᠲᠡᠰᠢ᠎ᠪᠡᠨ ᠠᠵᠢᠭᠯᠠᠵᠤ ᠦᠵᠡᠬᠦᠶ᠎ᠡ ᠵᠠᠬ᠎ᠠ ᠬᠢᠵᠠᠭᠠᠷ᠎ᠦᠭᠡᠢ ᠳᠠᠯᠠᠢ᠎ᠳᠤ ᠣᠷᠤᠭᠰᠠᠨ ᠮᠡᠲᠦ ᠠᠵᠢ᠃ 《ᠬᠡᠷᠡᠭ᠎ᠦᠭᠡᠢ᠂ ᠠᠵᠢᠭᠯᠠᠬᠤ᠎ᠦᠭᠡᠢ᠎ᠨᠢ ᠳᠡᠭᠡᠷ᠎ᠡ》 ᠭᠡᠵᠦ ᠪᠣᠳᠤᠵᠤ᠂ ᠨᠢᠳᠦ᠎ᠪᠡᠨ ᠠᠨᠢᠨ ᠤᠷᠤᠭᠰᠢ ᠶᠠᠪᠤᠯ᠎ᠠ᠃ ᠲᠡᠭᠡᠵᠦ ᠶᠠᠪᠤᠵᠤ ᠪᠠᠢᠭᠠᠳ ᠣᠳᠣ ᠲᠠᠯᠠᠪᠠᠢ᠎ᠶᠢᠨ ᠲᠡᠷᠲᠡᠭᠡ ᠵᠠᠬ᠎ᠠ᠎ᠳᠤ ᠣᠢᠷᠠᠳᠪᠠ᠎ᠤᠤ᠎ᠦᠭᠡᠢ᠎ᠤᠤ ᠭᠡᠵᠦ ᠦᠵᠡᠬᠦ᠎ᠪᠡᠷ ᠨᠢᠳᠦ᠎ᠪᠡᠨ ᠨᠡᠭᠡᠭᠡᠲᠡᠯ᠎ᠡ ᠭᠡᠨᠡᠳᠲᠡ ᠶᠠᠭ ᠡᠮᠦᠨ᠎ᠡ᠎ᠨᠢ ᠰᠠᠬᠠᠯ ᠬᠤᠤᠵᠠ᠎ᠲᠠᠢ ᠬᠡᠳᠦᠨ ᠬᠥᠮᠦᠰ ᠵᠣᠭᠰᠤᠵᠤ ᠪᠠᠢᠬᠤ᠎ᠶᠢ ᠦᠵᠡᠭᠡᠳ᠂ ᠴᠣᠬᠤᠮ ᠶᠠᠮᠠᠷ ᠱᠤᠤ ᠶᠠᠩᠵᠤ᠎ᠶᠢᠨ ᠠᠮᠢᠲᠠᠳ ᠪᠣᠯᠬᠤ᠎ᠶᠢ ᠲᠣᠳᠤᠷᠬᠠᠢ ᠠᠵᠢᠭᠯᠠᠵᠤ ᠵᠠᠪᠳᠤᠯ᠎ᠦᠭᠡᠢ ᠬᠣᠶᠠᠷ ᠨᠢᠳᠦ᠎ᠨᠢ ᠬᠠᠷᠠᠯᠠᠵᠤ ᠵᠢᠷᠦᠬᠡ᠎ᠨᠢ ᠲᠦᠭᠰᠢᠵᠦ ᠡᠬᠢᠯᠡᠪᠡ᠃ 《ᠡᠨᠡ᠎ᠴᠢᠨᠢ ᠮᠢᠨᠦ ᠰᠢᠨ᠋ᠧᠯ ᠰᠢᠤ!》 ᠭᠡᠵᠦ ᠲᠡᠳᠡᠭᠡᠷ᠎ᠦᠨ ᠨᠢᠭᠡ᠎ᠨᠢ ᠥᠨᠳᠦᠷ ᠳᠠᠭᠤᠨ᠎ᠢᠶᠠᠷ ᠬᠡᠯᠡᠭᠡᠳ ᠠᠺᠠᠺᠢ ᠠᠺᠠᠺᠢᠶᠸᠢᠴᠧ᠎ᠶᠢ ᠵᠠᠭᠠᠮᠠᠳᠠᠨ ᠠᠪᠤᠯ᠎ᠠ᠃ ᠠᠺᠠᠺᠢ ᠠᠺᠠᠺᠢᠶᠸᠢᠴᠧ ᠬᠠᠷᠠᠭᠤᠯ᠎ᠤᠨ ᠬᠥᠮᠦᠨ᠎ᠢ ᠬᠠᠰᠭᠢᠷᠬᠤ ᠭᠡᠲᠡᠯ᠎ᠡ ᠨᠥᠭᠦᠭᠡ ᠨᠢᠭᠡ᠎ᠨᠢ ᠪᠦᠳᠦᠭᠦᠨ ᠨᠢᠳᠤᠷᠭ᠎ᠠ᠎ᠪᠠᠷ ᠬᠠᠮᠠᠷ ᠤᠷᠤᠭᠤ᠎ᠨᠢ ᠵᠠᠩᠭᠠᠨ: 《ᠬᠠᠰᠭᠢᠷᠪᠠᠯ ᠴᠢᠮ᠎ᠠ᠎ᠳᠤ ᠡᠭᠦᠨ᠎ᠦ ᠠᠮᠲᠠ᠎ᠶᠢ ᠠᠮᠲᠠᠯᠠᠭᠤᠯᠤᠨ᠎ᠠ ᠰᠢᠤ!》 ᠭᠡᠵᠦ ᠰᠦᠷᠳᠡᠭᠦᠯᠦᠯ᠎ᠡ᠃ ᠳᠠᠷᠠᠭ᠎ᠠ᠎ᠨᠢ ᠠᠺᠠᠺᠢ ᠠᠺᠠᠺᠢᠶᠸᠢᠴᠧ᠂ ᠵᠥᠪᠬᠡᠨ ᠨᠢᠭᠡ ᠬᠥᠮᠦᠨ ᠰᠢᠨᠧᠯ᠎ᠢ᠎ᠨᠢ ᠲᠠᠢᠯᠵᠤ ᠠᠪᠤᠭᠠᠳ ᠡᠪᠦᠳᠦᠭ᠎ᠢᠶᠡᠷ᠎ᠢᠶᠡᠨ ᠨᠢᠭᠡ ᠨᠦᠳᠦᠭᠰᠡᠨ᠎ᠢ᠎ᠨᠢ ᠮᠠᠭᠤᠬᠠᠨ ᠮᠡᠳᠡᠭᠡᠳ᠂ ᠴᠠᠰᠤᠨ ᠳᠡᠭᠡᠷ᠎ᠡ ᠳᠡᠭᠡᠭᠰᠢ ᠬᠠᠷᠠᠨ ᠤᠨᠠᠭᠠᠳ᠂ ᠤᠬᠠᠭᠠᠨ ᠠᠯᠳᠠᠴᠢᠬᠠᠵᠠᠢ᠃ ᠁

ᠳᠠᠷᠠᠭ᠎ᠠ ᠡᠳᠦᠷ᠎ᠨᠢ ᠲᠦᠰᠢᠮᠡᠯ ᠭᠤᠸᠠᠢ ᠵᠤᠷᠭᠠᠨ᠎ᠳᠤ ᠠᠵᠢᠯᠯᠠᠬᠤ᠎ᠪᠠᠷ ᠣᠴᠢᠭᠰᠠᠨ᠎ᠦᠭᠡᠢ (ᠲᠡᠭᠦᠨ᠎ᠦ ᠲᠡᠦᠬᠡᠨ ᠳᠡᠭᠡᠷ᠎ᠡ ᠠᠩᠬ᠎ᠠ ᠤᠳᠠᠭ᠎ᠠ ᠭᠠᠷᠤᠭᠰᠠᠨ ᠶᠠᠪᠤᠳᠠᠯ)᠃ ᠨᠥᠭᠦᠭᠡᠳᠦᠷ᠎ᠨᠢ ᠨᠥᠭᠦᠭᠡ ᠮᠠᠭᠤ ᠰᠢᠨᠧᠯ᠎ᠢᠶᠡᠨ ᠡᠮᠦᠰᠦᠭᠡᠳ᠂ ᠴᠢᠷᠠᠢ᠎ᠨᠢ ᠴᠠᠢᠭᠠᠳ ᠠᠯᠪᠠᠨ ᠭᠡᠷ᠎ᠲᠡᠭᠡᠨ ᠣᠴᠢᠵᠠᠢ᠃ ᠠᠺᠠᠺᠢ ᠠᠺᠠᠺᠢᠶᠸᠢᠴᠧ᠎ᠶᠢᠨ ᠰᠢᠨᠧᠯ᠎ᠢᠶᠡᠨ ᠳᠡᠭᠡᠷᠡᠮᠳᠡᠭᠦᠯᠦᠭᠰᠡᠨ ᠶᠠᠪᠤᠴᠠ᠎ᠶᠢᠨ ᠲᠤᠬᠠᠢ ᠲᠣᠭᠠᠴᠢᠨ ᠥᠭᠦᠯᠡᠭᠰᠡᠨ ᠶᠠᠷᠢᠶ᠎ᠠ᠎ᠶᠢ ᠵᠠᠷᠢᠮ ᠲᠦᠰᠢᠮᠡᠯ ᠰᠣᠨᠤᠰᠤᠭᠠᠳ ᠪᠠᠰᠠ᠎ᠯᠠ ᠳᠣᠭᠤᠭᠢ ᠲᠣᠬᠤᠭᠤ ᠬᠢᠵᠦ ᠪᠠᠢᠭᠰᠠᠨ ᠪᠣᠯᠪᠠᠴᠤ ᠨᠡᠯᠢᠶᠡᠳ ᠬᠥᠮᠦᠰ᠎ᠦᠨ ᠥᠷᠦ ᠡᠪᠡᠳᠬᠦ ᠰᠡᠳᠭᠢᠯ᠎ᠢ ᠬᠥᠳᠡᠯᠭᠡᠪᠡ᠃ ᠁ ᠨᠢᠭᠡ ᠲᠦᠰᠢᠮᠡᠯ᠎ᠦᠨ ᠳᠣᠲᠤᠷ᠎ᠠ ᠭᠡᠨᠡᠳᠲᠡ ᠶᠠᠳᠠᠭᠰᠠᠨ ᠠᠮᠢᠲᠠᠨ᠎ᠢ ᠲᠤᠰᠠᠯᠠᠬᠤ ᠰᠠᠨᠠᠭ᠎ᠠ ᠡᠭᠦᠰᠴᠦ᠂ ᠨᠠᠭᠠᠳᠤ ᠵᠠᠬ᠎ᠠ᠎ᠨᠢ ᠨᠢᠭᠡ ᠰᠠᠢᠨ ᠠᠷᠭ᠎ᠠ ᠭᠠᠷᠭᠠᠵᠤ ᠥᠭᠬᠦ᠎ᠶᠢ ᠪᠣᠳᠤᠵᠤ: ᠴᠢ ᠬᠢᠨᠠᠨ ᠪᠠᠢᠴᠠᠭᠠᠭᠴᠢ᠎ᠳᠤ ᠣᠴᠢᠵᠤ ᠮᠡᠳᠡᠭᠦᠯᠬᠦ ᠬᠡᠷᠡᠭ᠎ᠦᠭᠡᠢ᠂ ᠬᠢᠨᠠᠨ ᠪᠠᠢᠴᠠᠭᠠᠭᠴᠢ ᠳᠡᠭᠡᠳᠦ ᠱᠠᠲᠤᠨ᠎ᠤ ᠳᠠᠷᠤᠭ᠎ᠠ᠎ᠶᠢᠨ ᠮᠠᠭᠲᠠᠭᠠᠯ᠎ᠢ ᠣᠯᠬᠤ᠎ᠶᠢᠨ ᠲᠥᠯᠦᠭᠡ ᠠᠷᠭ᠎ᠠ ᠤᠬᠠᠭᠠᠨ ᠰᠦᠪᠡᠭᠴᠢᠯᠡᠵᠦ ᠪᠠᠢᠭᠠᠳ ᠰᠢᠨᠧᠯ᠎ᠢ᠎ᠴᠢᠨᠢ ᠣᠯᠤᠭᠠᠳ ᠠᠪᠬᠤ ᠮᠠᠭᠠᠳ᠎ᠦᠭᠡᠢ᠃ ᠭᠡᠪᠡᠴᠦ ᠲᠡᠷᠡ ᠰᠢᠨᠧᠯ᠎ᠢ ᠴᠢᠨᠦᠬᠢ ᠮᠥᠨ ᠭᠡᠳᠡᠭ᠎ᠢ ᠬᠠᠤᠯᠢ᠎ᠶᠢᠨ ᠪᠠᠷᠢᠮᠲᠠ᠎ᠪᠠᠷ ᠭᠡᠷᠡᠴᠢᠯᠡᠵᠦ ᠴᠢᠳᠠᠬᠤ᠎ᠦᠭᠡᠢ᠂ ᠰᠢᠨᠧᠯ᠎ᠴᠢᠨᠢ ᠮᠥᠨ ᠴᠠᠭᠳᠠᠭᠠᠨ᠎ᠤ ᠲᠣᠪᠴᠢᠶᠠᠨ᠎ᠳᠤ ᠬᠤᠷᠢᠶᠠᠭᠳᠠᠬᠤ ᠬᠦᠷᠦᠨ᠎ᠡ᠃ ᠲᠡᠭᠡᠬᠦ᠎ᠶᠢᠨ ᠣᠷᠤᠨ᠎ᠳᠤ ᠬᠠᠷᠢᠨ ᠨᠢᠭᠡ ᠨᠡᠷ᠎ᠡ ᠠᠯᠳᠠᠷᠲᠠᠢ ᠬᠥᠮᠦᠨ᠎ᠳᠦ ᠣᠴᠢᠵᠤ ᠭᠤᠶᠤᠪᠠᠯ ᠳᠡᠭᠡᠷ᠎ᠡ᠃ ᠲᠡᠷᠡ ᠨᠡᠷ᠎ᠡ ᠠᠯᠳᠠᠷᠲᠠᠢ ᠬᠥᠮᠦᠨ ᠬᠣᠯᠪᠤᠭᠳᠠᠯ ᠪᠦᠬᠦᠢ ᠬᠥᠮᠦᠨ᠎ᠳᠦ ᠵᠤᠷᠪᠤᠰ ᠪᠢᠴᠢᠭ ᠪᠢᠴᠢᠭᠡᠳ ᠥᠭᠳᠡᠭ᠎ᠯᠡ᠎ᠶᠦᠮ ᠪᠣᠯ ᠬᠡᠷᠡᠭ᠎ᠴᠢᠨᠢ ᠰᠠᠨᠠᠭᠰᠠᠨ ᠶᠣᠰᠤᠭᠠᠷ ᠪᠦᠲᠦᠨ᠎ᠡ ᠭᠡᠵᠦ ᠠᠺᠠᠺᠢ ᠠᠺᠠᠺᠢᠶᠸᠢᠴᠧ᠎ᠳᠦ ᠵᠥᠪᠯᠡᠯᠭᠡᠨ ᠥᠭᠪᠡ᠃ ᠠᠺᠠᠺᠢ ᠠᠺᠠᠺᠢᠶᠸᠢᠴᠧ ᠠᠷᠭ᠎ᠠ ᠪᠤᠶᠤ ᠲᠡᠷᠡ᠎ᠬᠦ ᠨᠡᠷ᠎ᠡ ᠠᠯᠳᠠᠷᠲᠠᠢ ᠬᠥᠮᠦᠨ᠎ᠳᠦ ᠣᠴᠢᠵᠤ ᠭᠤᠶᠤᠬᠤ᠎ᠪᠠᠷ ᠰᠢᠢᠳᠪᠡ᠃ ᠲᠡᠷᠡ ᠨᠡᠷ᠎ᠡ ᠠᠯᠳᠠᠷᠲᠠᠢ ᠬᠥᠮᠦᠨ ᠴᠣᠬᠤᠮ ᠶᠠᠮᠠᠷ ᠡᠭᠦᠷᠭᠡ ᠲᠤᠰᠢᠶᠠᠯ᠎ᠲᠠᠢ ᠪᠠ ᠴᠣᠬᠤᠮ ᠶᠠᠮᠠᠷ ᠶᠠᠪᠤᠳᠠᠯ ᠡᠷᠬᠢᠯᠡᠳᠡᠭ᠎ᠢ ᠣᠳᠣ ᠪᠣᠯᠲᠠᠯ᠎ᠠ ᠲᠣᠳᠤᠷᠬᠠᠢᠯᠠᠵᠤ ᠴᠢᠳᠠᠭᠠᠳᠤᠢ᠃ ᠁ ᠡᠢᠮᠦ᠎ᠯᠡ ᠮᠠᠶᠢ᠍ᠭ᠎ᠤᠨ ᠨᠡᠷ᠎ᠡ ᠠᠯᠳᠠᠷᠲᠠᠨ ᠭᠤᠸᠠᠢ᠂ ᠠᠺᠠᠺᠢ ᠠᠺᠠᠺᠢᠶᠸᠢᠴᠧ᠎ᠶᠢᠨ ᠲᠡᠢᠨ᠎ᠬᠦ ᠬᠥᠩᠭᠡᠮᠰᠦᠭ ᠳᠦᠷᠢ ᠪᠣᠯᠤᠨ ᠬᠠᠭᠤᠴᠢᠨ ᠮᠠᠭᠤ ᠬᠤᠪᠴᠠᠰᠤ᠎ᠶᠢ᠎ᠨᠢ ᠦᠵᠡᠭᠡᠳ ᠭᠡᠨᠡᠳᠲᠡ: 《ᠴᠢ ᠶᠠᠮᠠᠷ ᠬᠡᠷᠡᠭ᠎ᠲᠡᠢ ᠢᠷᠡᠪᠡ᠃ 》 ᠭᠡᠵᠦ ᠣᠭᠵᠤᠮᠬᠠᠨ ᠰᠢᠷᠦᠭᠦᠨ ᠳᠠᠭᠤᠨ᠎ᠢᠶᠠᠷ ᠠᠰᠠᠭᠤᠪᠠ᠃ ᠁ ᠠᠺᠠᠺᠢ ᠠᠺᠠᠺᠢᠶᠸᠢᠴᠧ ᠬᠡᠵᠢᠶᠡᠨᠡᠢ ᠠᠶᠤᠨ ᠰᠦᠷᠳᠡᠭᠡᠳ ᠪᠠᠬᠠᠨ ᠪᠠᠯᠢᠳᠠᠵᠤ᠂ ᠠᠯᠢ ᠪᠣᠯᠬᠤ᠎ᠪᠠᠷ ᠥᠪᠡᠷ᠎ᠦᠨ ᠬᠡᠯᠡ ᠠᠮᠠ᠎ᠪᠠᠨ ᠡᠪᠰᠢᠭᠦᠯᠦᠨ᠂ ᠶᠡᠷᠦ᠎ᠶᠢᠨ ᠦᠶ᠎ᠡ᠎ᠡᠴᠡ᠎ᠪᠡᠨ ᠤᠯᠠᠮ ᠣᠯᠠᠨ 《ᠲᠡᠷᠡ᠎ᠬᠦ》ᠭᠡᠳᠡᠭ ᠰᠤᠯᠠ ᠦᠭᠡ ᠣᠷᠤᠭᠤᠯᠤᠨ᠂ ᠢᠷᠡᠭᠰᠡᠨ ᠤᠴᠢᠷ᠎ᠢᠶᠠᠨ ᠲᠣᠳᠤᠷᠬᠠᠢᠯᠠᠬᠤ᠎ᠳᠠᠭᠠᠨ: ᠨᠠᠳᠠ ᠨᠢᠭᠡ᠎ᠴᠣ᠋ ᠰᠢᠨ᠎ᠡ ᠰᠢᠨ᠋ᠧᠯ ᠪᠠᠢᠭᠰᠠᠨ᠎ᠶᠤᠮ᠃ ᠲᠡᠭᠦᠨ᠎ᠢ᠎ᠮᠢᠨᠢ ᠬᠥᠮᠦᠨ ᠬᠠᠷ᠎ᠠ ᠬᠦᠴᠦ᠎ᠪᠡᠷ ᠳᠡᠭᠡᠷᠡᠮᠳᠡᠨ ᠪᠤᠯᠢᠶᠠᠪᠠ᠃ ᠡᠳᠦᠭᠡ ᠪᠢ ᠲᠠᠨ᠎ᠳᠤ ᠪᠠᠷᠠᠭᠠᠯᠠᠨ ᠭᠤᠶᠤᠬᠤ᠎ᠨᠢ᠂ ᠲᠠ ᠴᠠᠭᠳᠠᠭᠠᠨ᠎ᠤ ᠶᠡᠷᠦᠩᠬᠡᠢ ᠳᠠᠷᠤᠭ᠎ᠠ᠎ᠳᠤ ᠪᠤᠶᠤ ᠶᠠᠮᠠᠷ ᠨᠢᠭᠡᠨ ᠬᠥᠮᠦᠨ᠎ᠳᠦ ᠵᠠᠬᠢᠳᠠᠯ ᠪᠢᠴᠢᠨ ᠥᠭᠴᠦ ᠮᠢᠨᠦ ᠰᠢᠨᠧᠯ᠎ᠢ ᠣᠯᠵᠤ ᠥᠭᠭᠦᠮᠦ ᠭᠡᠵᠦ ᠬᠡᠯᠡᠪᠡ᠃ ᠶᠠᠭᠤᠨ᠎ᠤ ᠤᠴᠢᠷ᠎ᠠᠴᠠ ᠪᠣᠯᠤᠭᠰᠠᠨ᠎ᠢ ᠪᠤᠤ ᠮᠡᠳᠡ᠂ ᠭᠧᠨᠧᠷᠡᠯ ᠲᠡᠭᠦᠨ᠎ᠦ ᠡᠨᠡ ᠭᠤᠶᠤᠳᠠᠯ᠎ᠢ ᠬᠡᠲᠦᠷᠬᠡᠢ ᠡᠷᠡᠭᠡ᠎ᠦᠭᠡᠢ ᠶᠠᠪᠤᠳᠠᠯ ᠭᠡᠵᠦ ᠪᠣᠳᠤᠭᠠᠳ᠂ ᠣᠭᠵᠤᠮ ᠳᠠᠭᠤᠨ᠎ᠢᠶᠠᠷ ᠬᠡᠯᠡᠭᠰᠡᠨ᠎ᠨᠢ: 《 ᠲᠠ ᠶᠣᠰᠤ ᠵᠢᠷᠤᠮ ᠮᠡᠳᠡᠨ᠎ᠡ᠎ᠦᠦ? ᠡᠨᠡ ᠶᠠᠮᠠᠷ ᠭᠠᠵᠠᠷ᠎ᠶᠤᠮ? ᠲᠠ ᠬᠡᠷᠡᠭ ᠤᠴᠢᠷ᠎ᠢ ᠬᠡᠷᠬᠢᠨ ᠬᠦᠨᠳᠦᠳᠭᠡᠳᠡᠭ᠎ᠢ ᠮᠡᠳᠡᠬᠦ᠎ᠦᠭᠡᠢ᠎ᠦᠦ? ᠡᠢᠮᠦ ᠬᠡᠷᠡᠭ᠎ᠦᠨ ᠲᠤᠬᠠᠢ ᠲᠠ ᠤᠷᠢᠳᠠᠪᠠᠷ ᠬᠡᠷᠡᠭ ᠡᠷᠬᠢᠯᠡᠬᠦ ᠭᠠᠵᠠᠷ ᠡᠷᠭᠦᠳᠡᠯ᠎ᠢᠶᠡᠷ ᠮᠡᠳᠡᠭᠦᠯᠬᠦ ᠶᠣᠰᠤᠲᠠᠢ᠃ ᠡᠷᠭᠦᠳᠡᠯ᠎ᠢᠶᠡᠨ ᠲᠠᠰᠤᠭ᠎ᠤᠨ ᠳᠠᠷᠤᠭ᠎ᠠ᠎ᠳᠤ ᠥᠭᠬᠦ ᠬᠡᠷᠡᠭᠲᠡᠢ᠂ ᠲᠠᠰᠤᠭ᠎ᠤᠨ ᠳᠠᠷᠤᠭ᠎ᠠ ᠲᠡᠭᠦᠨ᠎ᠢ ᠰᠠᠯᠠᠭᠠᠨ ᠳᠠᠷᠤᠭ᠎ᠠ᠎ᠳᠤ ᠰᠢᠯᠵᠢᠭᠦᠯᠦᠨ᠎ᠡ᠃ ᠰᠠᠯᠠᠭᠠᠨ ᠳᠠᠷᠤᠭ᠎ᠠ ᠨᠠᠷᠢᠨ ᠪᠢᠴᠢᠭᠡᠴᠢ᠎ᠳᠦ ᠰᠢᠯᠵᠢᠭᠦᠯᠦᠨ᠎ᠡ᠂ ᠨᠠᠷᠢᠨ ᠪᠢᠴᠢᠭ᠎ᠦᠨ ᠳᠠᠷᠤᠭ᠎ᠠ ᠨᠠᠳᠠ ᠠᠪᠴᠢᠷᠠᠵᠤ ᠦᠵᠡᠭᠦᠯᠦᠨ᠎ᠡ ᠁》 ᠭᠡᠪᠡ᠃

ᠬᠦᠢᠲᠡᠨ ᠬᠥᠯᠦᠰᠦ ᠴᠢᠭᠢᠭᠯᠡᠭᠰᠡᠨ ᠠᠺᠠᠺᠢ ᠠᠺᠠᠺᠢᠶᠸᠢᠴᠧ ᠪᠠᠢᠳᠠᠭ ᠵᠣᠷᠢᠭ᠎ᠢᠶᠠᠨ ᠭᠠᠷᠭᠠᠵᠤ: 《ᠭᠡᠪᠡᠴᠦ᠂ ᠶᠡᠬᠡ ᠬᠥᠮᠦᠨ ᠭᠤᠸᠠᠢ᠎ᠮᠢᠨᠢ᠂ ᠪᠢ ᠶᠡᠬᠡ ᠬᠥᠮᠦᠨ᠎ᠦ ᠵᠠᠬ᠎ᠠ᠎ᠳᠤ ᠰᠢᠭᠤᠳ ᠢᠷᠡᠭᠰᠡᠨ᠎ᠦ ᠤᠴᠢᠷ ᠪᠣᠯ ᠨᠠᠷᠢᠨ ᠪᠢᠴᠢᠭᠡᠴᠢ᠎ᠨᠡᠷ ᠲᠡᠷᠡ᠎ᠬᠦ ᠁ ᠴᠥᠮ ᠢᠲᠡᠭᠡᠯ᠎ᠦᠭᠡᠢ ᠬᠥᠮᠦᠨ ᠰᠢᠤ ᠁》 ᠭᠡᠲᠡᠯ᠎ᠡ᠂

ᠨᠡᠷ᠎ᠡ ᠠᠯᠳᠠᠷᠲᠠᠨ ᠭᠤᠸᠠᠢ: 《ᠶᠠᠭᠤ ᠭᠡᠨ᠎ᠡ ᠴᠢ? ᠲᠠ ᠶᠠᠭᠠᠬᠢᠭᠰᠠᠨ ᠶᠡᠬᠡ ᠵᠢᠷᠦᠬᠡᠲᠡᠢ ᠬᠥᠮᠦᠨ ᠪᠤᠢ? ᠶᠠᠭᠤᠨ᠎ᠤ ᠤᠴᠢᠷ᠎ᠠᠴᠠ ᠲᠡᠭᠡᠵᠦ ᠪᠣᠳᠤᠳᠠᠭ᠎ᠶᠤᠮ? ᠵᠠᠯᠠᠭᠤ ᠬᠥᠮᠦᠨ ᠠᠲᠠᠯ᠎ᠠ ᠳᠠᠷᠤᠭ᠎ᠠ᠎ᠨᠠᠷ᠎ᠢᠶᠠᠨ᠂ ᠳᠡᠭᠡᠷ᠎ᠡ ᠳᠡᠰ᠎ᠦᠨ ᠬᠥᠮᠦᠨ᠎ᠢᠶᠡᠨ ᠡᠰᠡᠷᠭᠦᠴᠡᠳᠡᠭ᠎ᠴᠢᠨᠢ ᠶᠣᠰᠤᠲᠠᠢ ᠭᠠᠯᠵᠠᠭᠤᠷᠠᠬᠤ᠎ᠳᠤ ᠭᠠᠭᠴᠠ ᠬᠤᠷᠤᠭᠤ ᠳᠤᠲᠠᠵᠤ ᠪᠠᠢᠨ᠎ᠠ ᠳ᠋ᠠ !》 ᠭᠡᠪᠡ᠃ ᠡᠨᠡ᠎ᠬᠦ ᠨᠡᠷ᠎ᠡ ᠠᠯᠳᠠᠷᠲᠠᠨ ᠭᠤᠸᠠᠢ᠂ ᠠᠺᠠᠺᠢ ᠠᠺᠠᠺᠢᠶᠸᠢᠴᠧ᠎ᠶᠢᠨ ᠲᠠᠪᠢ ᠭᠠᠷᠤᠢ ᠨᠠᠰᠤᠲᠠᠢ᠎ᠶᠢ ᠠᠩᠬᠠᠷᠤᠭᠰᠠᠨ᠎ᠦᠭᠡᠢ ᠪᠣᠯᠤᠯᠲᠠᠢ᠃ ᠁ 《ᠲᠠ ᠬᠡᠨ᠎ᠲᠡᠢ ᠶᠠᠷᠢᠵᠤ ᠪᠤᠢ᠎ᠪᠠᠨ ᠮᠡᠳᠡᠵᠦ ᠪᠠᠢᠨ᠎ᠠ᠎ᠤᠤ? ᠴᠢᠨᠦ ᠡᠮᠦᠨ᠎ᠡ ᠶᠠᠮᠠᠷ ᠬᠥᠮᠦᠨ ᠵᠣᠭᠰᠤᠵᠤ ᠪᠠᠢᠬᠤ᠎ᠶᠢ ᠮᠡᠳᠡᠵᠦ ᠪᠠᠢᠨ᠎ᠠ᠎ᠤᠤ? ᠪᠢ ᠲᠠᠨ᠎ᠠᠴᠠ ᠦᠭᠡ ᠠᠰᠠᠭᠤᠵᠤ ᠪᠠᠢᠨ᠎ᠠ ᠰᠢᠤ!》 ᠭᠡᠵᠦ ᠬᠡᠯᠡᠭᠡᠳ ᠨᠡᠷ᠎ᠡ ᠠᠯᠳᠠᠷᠲᠠᠨ ᠭᠤᠸᠠᠢ ᠭᠠᠵᠠᠷ ᠳᠡᠪᠬᠡᠷᠦᠨ ᠴᠢᠷᠠᠯᠠᠪᠠ᠃ ᠡᠭᠦᠨ᠎ᠳᠦ ᠠᠺᠠᠺᠢ ᠠᠺᠠᠺᠢᠶᠸᠢᠴᠧ ᠪᠠᠢᠲᠤᠭᠠᠢ ᠥᠭᠡᠷ᠎ᠡ ᠬᠥᠮᠦᠨ ᠪᠣᠯᠪᠠᠴᠤ ᠠᠶᠤᠮᠠᠷ ᠪᠠᠢᠯ᠎ᠠ᠃ ᠠᠺᠠᠺᠢ ᠠᠺᠠᠺᠢᠶᠸᠢᠴᠧ ᠨᠢᠳᠦ᠎ᠨᠢ ᠡᠷᠢᠶᠡᠯᠵᠡᠨ ᠬᠠᠮᠤᠭ ᠪᠡᠶ᠎ᠡ᠎ᠨᠢ ᠳᠠᠢᠪᠠᠯᠵᠠᠨ ᠴᠡᠴᠡᠷᠡᠵᠦ ᠵᠣᠭᠰᠤᠵᠤ ᠴᠢᠳᠠᠬᠤ᠎ᠦᠭᠡᠢ ᠪᠣᠯᠵᠠᠢ᠃ ᠬᠡᠷᠪᠡ ᠬᠠᠭᠠᠯᠭᠠᠴᠢ ᠭᠦᠶᠦᠨ ᠢᠷᠡᠵᠦ ᠲᠦᠰᠢᠨ ᠠᠪᠤᠭᠰᠠᠨ᠎ᠦᠭᠡᠢ ᠪᠣᠯ ᠯᠠᠪ ᠱᠠᠯᠠᠨ ᠳᠡᠭᠡᠷ᠎ᠡ ᠲᠦᠰ ᠬᠢᠲᠡᠯ᠎ᠡ ᠤᠨᠠᠬᠤ ᠪᠠᠢᠯ᠎ᠠ᠃ ᠲᠡᠢᠨ᠎ᠬᠦ ᠦᠬᠦᠭᠰᠡᠨ ᠬᠥᠮᠦᠨ ᠮᠡᠲᠦ ᠪᠣᠯᠵᠤ ᠬᠥᠮᠦᠨ᠎ᠢᠶᠡᠷ ᠲᠦᠰᠢᠭᠦᠯᠦᠨ ᠭᠠᠷᠴᠠᠢ᠃ ᠁

ᠠᠰᠠᠷ᠎ᠤᠨ ᠱᠠᠳᠤ᠎ᠪᠠᠷ ᠬᠡᠷᠬᠢᠨ ᠪᠠᠭᠤᠭᠰᠠᠨ ᠪᠠ ᠵᠡᠭᠡᠯᠢ ᠳᠡᠭᠡᠷ᠎ᠡ ᠶᠠᠭᠠᠬᠢᠵᠤ ᠬᠦᠷᠴᠦ ᠢᠷᠡᠭᠰᠡᠨ᠎ᠢᠶᠡᠨ ᠠᠺᠠᠺᠢ ᠠᠺᠠᠺᠢᠶᠸᠢᠴᠧ ᠣᠭᠲᠤ ᠮᠡᠳᠡᠬᠦ᠎ᠦᠭᠡᠢ ᠪᠠᠢᠯ᠎ᠠ᠃ ᠭᠠᠷ ᠬᠥᠯ᠎ᠨᠢ ᠪᠦᠷ ᠮᠡᠳᠡᠭᠡ ᠠᠯᠳᠠᠵᠠᠢ᠃ ᠨᠢᠭᠡ ᠨᠠᠰᠤᠨ᠎ᠳᠠᠭᠠᠨ ᠨᠢᠭᠡᠨ ᠭᠧᠨᠧᠷᠡᠯ᠎ᠢᠶᠡᠷ᠂ ᠲᠡᠭᠡᠬᠦ᠎ᠳᠡᠭᠡᠨ ᠪᠠᠰᠠ ᠣᠭᠲᠤ ᠲᠠᠨᠢᠬᠤ᠎ᠦᠭᠡᠢ ᠨᠢᠭᠡᠨ ᠭᠧᠨᠧᠷᠡᠯ᠎ᠢᠶᠡᠷ ᠡᠨᠡ ᠮᠡᠲᠦ ᠠᠢᠬᠤᠪᠲᠤᠷ ᠵᠢᠮᠡᠯᠡᠭᠦᠯᠵᠦ ᠦᠵᠡᠭᠡ᠎ᠦᠭᠡᠢ ᠪᠠᠢᠵᠠᠢ᠃ ᠠᠺᠠᠺᠢ ᠠᠺᠠᠺᠢᠶᠸᠢᠴᠧ ᠰᠠᠯᠬᠢ ᠰᠢᠭᠤᠷᠭᠠᠨ ᠳᠤᠮᠳᠠᠭᠤᠷ ᠠᠮᠠ᠎ᠪᠠᠨ ᠠᠩᠭᠠᠢᠨ ᠭᠦᠶᠦᠬᠦ᠎ᠳᠡᠭᠡᠨ᠂ ᠶᠠᠪᠠᠭᠠᠨ ᠵᠠᠮ᠎ᠠᠴᠠ ᠪᠠᠢᠨ ᠪᠠᠢᠨ ᠰᠠᠯᠵᠤ ᠪᠠᠢᠯ᠎ᠠ᠃ ᠫᠸᠲᠷᠪᠦᠷᠢᠭ᠎ᠦᠨ ᠰᠠᠯᠬᠢᠨ ᠥᠪᠡᠷ᠎ᠦᠨ ᠵᠠᠩᠰᠢᠯ᠎ᠢᠶᠠᠷ᠂ ᠶᠡᠬᠡ ᠪᠠᠭ᠎ᠠ ᠭᠤᠳᠤᠮᠵᠢ᠎ᠪᠠᠷ᠂ ᠳᠥᠷᠪᠡᠨ ᠵᠦᠭ ᠨᠠᠢ᠍ᠮᠠ ᠵᠣᠪᠬᠢᠰ᠎ᠠᠴᠠ ᠲᠡᠭᠦᠨ ᠤᠷᠤᠭᠤ ᠳᠠᠭᠠᠷᠢᠨ ᠢᠷᠡᠵᠦ ᠪᠠᠢᠭᠰᠠᠨ ᠲᠤᠯᠠ ᠳᠣᠣᠷ᠎ᠠ᠎ᠪᠠᠨ ᠬᠣᠭᠤᠯᠠᠢ᠎ᠶᠢᠨ ᠦᠷᠪᠢᠰᠦᠯ᠎ᠳᠦ ᠨᠡᠷᠪᠡᠭᠳᠡᠪᠡ᠃ ᠠᠺᠠᠺᠢ ᠠᠺᠠᠺᠢᠶᠸᠢᠴᠧ ᠠᠷᠡᠢᠭᠡᠵᠦ ᠭᠡᠷ᠎ᠲᠡᠭᠡᠨ ᠬᠦᠷᠴᠦ ᠢᠷᠡᠬᠦ᠎ᠳᠦ ᠬᠣᠭᠤᠯᠠᠢ ᠪᠠᠭᠠᠯᠵᠤᠤᠷ᠎ᠨᠢ ᠬᠠᠪᠤᠳᠤᠭᠠᠳ᠂ ᠭᠠᠭᠴᠠ ᠦᠭᠡ᠎ᠴᠦ ᠳᠤᠤᠭᠠᠷᠬᠤ ᠲᠡᠩᠬᠡᠭᠡ᠎ᠦᠭᠡᠢ ᠣᠷᠤᠨ ᠳᠡᠭᠡᠷ᠎ᠡ᠎ᠪᠡᠨ ᠣᠢᠴᠢᠵᠠᠢ᠃ ᠁ ᠡᠮᠴᠢ ᠢᠷᠡᠵᠦ ᠰᠤᠳᠠᠯ᠎ᠢ᠎ᠨᠢ ᠪᠠᠷᠢᠵᠤ ᠦᠵᠡᠭᠡᠳ᠂ ᠶᠠᠮᠠᠷ᠎ᠴᠤ ᠠᠷᠭ᠎ᠠ ᠳᠣᠮ ᠬᠢᠵᠦ ᠥᠭᠴᠦ ᠴᠢᠳᠠᠭᠰᠠᠨ᠎ᠦᠭᠡᠢ᠂ ᠁ ᠰᠠᠭᠤᠭᠰᠠᠨ ᠭᠡᠷ᠎ᠦᠨ ᠡᠵᠡᠭᠲᠡᠢ᠎ᠳᠦᠨᠢ: 《ᠡᠮᠡᠭᠡᠨ ᠭᠤᠸᠠᠢ ᠡ᠂ ᠲᠠ ᠲᠡᠭᠦᠨ᠎ᠳᠦ ᠡᠷᠲᠡᠬᠡᠨ ᠨᠠᠷᠠᠰᠤᠨ ᠮᠣᠳᠤ᠎ᠪᠠᠷ ᠠᠪᠰᠠ ᠬᠢᠵᠦ ᠪᠡᠯᠡᠳᠭᠡ᠂ ᠴᠠᠷᠠᠰᠤᠨ ᠮᠣᠳᠤ᠎ᠪᠠᠷ ᠬᠢᠭᠰᠡᠨ ᠠᠪᠰᠠ ᠪᠣᠯ ᠡᠭᠦᠨ᠎ᠳᠦ ᠦᠨ᠎ᠡ᠎ᠨᠢ ᠠᠬᠠᠳᠠᠨ᠎ᠠ》 ᠭᠡᠵᠦ ᠬᠡᠯᠡᠵᠦ ᠥᠭᠴᠡᠢ᠃ ᠠᠺᠠᠺᠢ ᠠᠺᠠᠺᠢᠶᠸᠢᠴᠧ ᠡᠳᠡᠭᠡᠷ ᠲᠡᠭᠦᠨ᠎ᠦ ᠦᠬᠦᠬᠦ᠎ᠳᠦ ᠲᠤᠯᠤᠭᠰᠠᠨ ᠲᠤᠬᠠᠢ ᠶᠠᠷᠢᠶ᠎ᠠ᠎ᠶᠢ ᠰᠣᠨᠤᠰᠤᠭᠰᠠᠨ ᠡᠰᠡᠬᠦ᠎ᠶᠢ᠂ ᠬᠡᠷᠪᠡ ᠰᠣᠨᠤᠰᠤᠭᠰᠠᠨ ᠪᠣᠯ ᠥᠪᠡᠷ᠎ᠦᠨ ᠲᠡᠷᠡ᠎ᠬᠦ ᠵᠣᠯ ᠵᠠᠪᠰᠢᠶᠠᠨ᠎ᠦᠭᠡᠢ ᠨᠢᠭᠡ ᠨᠠᠰᠤᠨ᠎ᠤ ᠠᠮᠢᠳᠤᠷᠠᠯ᠎ᠢᠶᠠᠨ ᠬᠠᠢᠷᠠᠯᠠᠨ᠂ ᠰᠡᠳᠭᠢᠯ ᠰᠠᠨᠠᠭ᠎ᠠ ᠵᠣᠪᠠᠵᠤ ᠪᠠᠢᠬᠤ ᠡᠰᠡᠬᠦ᠎ᠶᠢ ᠮᠡᠳᠡᠬᠦᠶ᠎ᠡ ᠪᠡᠷᠬᠡ ᠠᠵᠢ᠃ ᠤᠴᠢᠷ᠎ᠨᠢ ᠡᠨᠡ ᠡᠪᠡᠳᠴᠢᠲᠡᠨ ᠪᠣᠯ ᠦᠷᠭᠦᠯᠵᠢ᠎ᠯᠡ ᠬᠠᠯᠠᠭᠤᠷᠠᠵᠤ ᠰᠣᠯᠢᠶ᠎ᠠ ᠦᠭᠡ ᠶᠠᠷᠢᠭᠰᠠᠭᠠᠷ ᠪᠠᠢᠵᠠᠢ᠃ ᠲᠡᠭᠦᠨ᠎ᠦ ᠨᠢᠳᠦᠨ᠎ᠳᠦ ᠵᠢᠭᠲᠡᠢᠬᠡᠨ ᠰᠣᠨᠢᠨ ᠦᠵᠡᠭᠳᠡᠯ᠎ᠦᠳ ᠳᠠᠷᠠᠭ᠎ᠠ ᠳᠠᠷᠠᠭ᠎ᠠ᠎ᠪᠠᠷ᠎ᠢᠶᠠᠨ ᠦᠵᠡᠭᠳᠡᠨ᠎ᠡ: ᠫᠧᠲᠷᠸᠢᠴᠧ ᠨᠢᠳᠦᠨ᠎ᠳᠦᠨᠢ ᠦᠵᠡᠭᠳᠡᠵᠦ᠂ ᠲᠡᠭᠦᠨ᠎ᠢᠶᠡᠷ ᠬᠤᠯᠠᠭᠠᠢᠴᠢ ᠪᠠᠷᠢᠳᠠᠭ ᠪᠠᠭᠠᠵᠢ ᠬᠡᠷᠡᠭᠰᠡᠯ᠎ᠲᠡᠢ ᠰᠢᠨ᠋ᠧᠯ ᠬᠢᠯᠭᠡᠪᠡ᠂ ᠲᠡᠳᠡᠭᠡᠷ ᠬᠤᠯᠠᠭᠠᠢᠴᠢ ᠣᠷᠤ ᠳᠣᠣᠷ᠎ᠠ᠎ᠠᠴᠠ᠎ᠨᠢ ᠰᠠᠯᠬᠤ᠎ᠦᠭᠡᠢ ᠬᠣᠷᠭᠤᠳᠠᠵᠤ ᠪᠠᠢᠬᠤ᠎ᠰᠢᠭ᠋ ᠰᠠᠨᠠᠭᠳᠠᠨ᠂ ᠰᠠᠭᠤᠭᠰᠠᠨ ᠭᠡᠷ᠎ᠦᠨ᠎ᠢᠶᠡᠨ ᠡᠵᠡᠭᠲᠡᠢ᠎ᠶᠢ ᠦᠷᠭᠦᠯᠵᠢ ᠳᠠᠭᠤᠳᠠᠵᠤ ᠪᠠᠢᠭᠰᠠᠨ ᠪᠥᠭᠡᠳ ᠴᠢᠨᠠᠭᠰᠢᠯᠠᠪᠠᠯ ᠮᠢᠨᠦ ᠬᠥᠨᠵᠢᠯᠡ ᠳᠣᠲᠤᠷᠠᠬᠢ ᠬᠤᠯᠠᠭᠠᠢᠴᠢ᠎ᠶᠢ ᠴᠢᠷᠴᠦ ᠭᠠᠷᠭᠠᠭᠠᠴᠢ ᠭᠡᠵᠦ ᠭᠤᠶᠤᠳᠠᠭ ᠪᠣᠯᠪᠠ ; ᠭᠡᠨᠡᠳᠲᠡ ᠪᠠᠰᠠ ᠶᠠᠭᠠᠬᠢᠭᠠᠳ ᠮᠢᠨᠦ ᠬᠠᠭᠤᠴᠢᠨ ᠮᠠᠭᠤ ᠰᠢᠨᠧᠯ᠎ᠢ ᠡᠮᠦᠨ᠎ᠡ ᠡᠯᠭᠦᠵᠦ ᠪᠠᠢᠭ᠎ᠠ᠎ᠶᠤᠮ᠂ ᠮᠢᠨᠦ ᠰᠢᠨ᠎ᠡ ᠰᠢᠨ᠋ᠧᠯ ᠶᠠᠭᠠᠬᠢᠪᠠ ᠭᠡᠵᠦ ᠠᠰᠠᠭᠤᠨ᠎ᠠ ; ᠭᠡᠨᠡᠳᠲᠡ ᠭᠧᠨᠧᠷᠡᠯ᠎ᠦᠨ ᠡᠮᠦᠨ᠎ᠡ ᠵᠣᠭᠰᠤᠵᠤ ᠵᠢᠮᠡᠯᠡᠯ ᠬᠦᠯᠢᠶᠡᠵᠦ ᠪᠠᠢᠭ᠎ᠠ᠎ᠰᠢᠭ᠋ ᠪᠣᠳᠤᠭᠳᠠᠨ᠂ 《ᠪᠢ ᠪᠤᠷᠤᠭᠤ ᠬᠡᠷᠡᠭ ᠬᠢᠵᠡᠢ᠂ ᠶᠡᠬᠡ ᠬᠥᠮᠦᠨ ᠭᠤᠸᠠᠢ!》 ᠭᠡᠵᠦ ᠶᠠᠷᠢᠨ᠎ᠠ᠃ ᠬᠠᠮᠤᠭ᠎ᠤᠨ ᠰᠡᠭᠦᠯ᠎ᠳᠦ ᠭᠡᠨᠡᠳᠲᠡ ᠰᠣᠨᠤᠰᠬᠤ ᠠᠷᠭ᠎ᠠ᠎ᠦᠭᠡᠢ ᠮᠠᠭᠤᠬᠠᠢ ᠬᠠᠷᠢᠶᠠᠯ᠎ᠢᠶᠠᠷ ᠬᠠᠷᠢᠶᠠᠨ ᠵᠦᠬᠡᠵᠦ ᠭᠠᠷᠪᠠ᠂ ᠡᠵᠡᠭᠲᠡᠢ᠎ᠨᠢ ᠲᠡᠭᠦᠨ᠎ᠦ ᠠᠮᠠᠨ᠎ᠠᠴᠠ ᠡᠢᠮᠦ ᠮᠠᠭᠤᠬᠠᠢ ᠬᠠᠷᠢᠶᠠᠯ᠎ᠤᠨ ᠦᠭᠡ ᠭᠠᠷᠬᠤ᠎ᠶᠢ ᠰᠣᠨᠤᠰᠤᠭ᠎ᠠ᠎ᠦᠭᠡᠢ ᠪᠠ ᠢᠯᠠᠩᠭᠤᠶ᠎ᠠ ᠡᠳᠡᠭᠡᠷ ᠬᠠᠷᠢᠶᠠᠯ ᠵᠦᠬᠡᠯ᠎ᠨᠢ 《ᠶᠡᠬᠡ ᠬᠥᠮᠦᠨ》 ᠭᠡᠳᠡᠭ ᠦᠭᠡ᠎ᠲᠡᠢ ᠵᠠᠯᠭᠠᠯᠳᠤᠵᠤ ᠪᠠᠢᠭᠰᠠᠨ ᠲᠤᠯᠠ ᠡᠵᠡᠭᠲᠡᠢ ᠰᠠᠨᠳᠤᠷᠤᠨ ᠴᠡᠭᠡᠵᠢᠨ ᠳᠡᠭᠡᠭᠦᠷ᠎ᠢᠶᠡᠨ ᠵᠠᠭᠠᠯᠮᠠᠢᠯᠠᠪᠠ᠃ ᠳᠠᠷᠠᠭ᠎ᠠ᠎ᠨᠢ᠂ ᠬᠡᠨ᠎ᠴᠦ ᠮᠡᠳᠡᠬᠦ᠎ᠶᠢᠨ ᠠᠷᠭ᠎ᠠ᠎ᠦᠭᠡᠢ ᠰᠣᠯᠢᠶ᠎ᠠ ᠦᠭᠡ ᠶᠠᠷᠢᠪᠠ᠃ ᠮᠡᠳᠡᠭᠳᠡᠬᠦ᠎ᠡᠴᠡ᠂ ᠡᠳᠡᠭᠡᠷ ᠦᠭᠡ᠎ᠨᠢ ᠨᠥᠭᠦᠭᠡ ᠰᠢᠨ᠎ᠡ ᠰᠢᠨᠧᠯ᠎ᠡᠴᠡ ᠶᠡᠷᠦ ᠰᠠᠯᠬᠤ᠎ᠦᠭᠡᠢ ᠪᠠᠢᠵᠠᠢ᠃ ᠲᠡᠭᠡᠵᠦ ᠲᠡᠭᠡᠵᠦ ᠪᠠᠢᠭᠠᠳ ᠬᠥᠭᠡᠷᠦᠬᠦᠢᠯᠡᠯᠲᠡᠢ ᠠᠮᠢᠲᠠᠨ ᠠᠺᠠᠺᠢ ᠠᠺᠠᠺᠢᠶᠸᠢᠴᠧ ᠠᠮᠢ ᠲᠠᠯᠪᠢᠴᠢᠬᠠᠯ᠎ᠠ᠃ ᠁

ᠦᠬᠦᠭᠰᠡᠨ᠎ᠦ ᠳᠠᠷᠠᠭ᠎ᠠ ᠫᠧᠲᠷᠪᠦᠷᠢᠭ᠎ᠦᠨ ᠭᠠᠵᠠᠷ ᠪᠦᠬᠦᠨ᠎ᠢᠶᠡᠷ ᠨᠢᠭᠡ ᠵᠢᠭᠲᠡᠢ ᠴᠢᠮᠡᠭᠡ ᠳᠡᠯᠭᠡᠷᠡᠨ᠂ ᠺᠠᠯᠢᠨᠺᠢᠨ᠎ᠤ ᠬᠥᠭᠦᠷᠭᠡ᠎ᠶᠢᠨ ᠬᠠᠪᠢ᠎ᠪᠠᠷ᠂ ᠰᠥᠨᠢ ᠪᠦᠷᠢ ᠨᠢᠭᠡᠨ ᠲᠦᠰᠢᠮᠡᠯ ᠮᠠᠶᠢ᠍ᠭ᠎ᠤᠨ ᠣᠷᠤᠯᠠᠩ ᠭᠠᠷᠴᠤ ᠢᠷᠡᠭᠡᠳ᠂ ᠶᠠᠭᠤᠨᠠᠢ ᠨᠢᠭᠡ ᠳᠡᠭᠡᠷᠡᠮᠳᠡᠭᠳᠡᠭᠰᠡᠨ ᠰᠢᠨ᠋ᠧᠯ ᠡᠷᠢᠵᠦ ᠪᠠᠢᠨ᠎ᠠ ᠭᠡᠳᠡᠭ ᠰᠢᠯᠲᠠᠭ᠎ᠢᠶᠠᠷ ᠶᠠᠮᠠᠷ᠎ᠴᠤ ᠬᠡᠷᠭᠡᠮᠲᠡᠨ᠂ ᠶᠠᠮᠠᠷ᠎ᠴᠤ ᠠᠯᠳᠠᠷ ᠬᠦᠨᠳᠦᠲᠡᠨ᠎ᠢ ᠲᠤᠩᠭᠠᠯ᠎ᠦᠭᠡᠢ᠎ᠪᠠᠷ ᠬᠥᠮᠦᠨ ᠪᠦᠷᠢ᠎ᠶᠢᠨ ᠰᠢᠨᠧᠯ᠎ᠢ ᠬᠠᠭᠤᠯᠤᠨ ᠠᠪᠬᠤ᠎ᠳᠠᠭᠠᠨ ᠮᠥᠨ ᠳᠣᠲᠤᠷ᠎ᠢ᠎ᠨᠢ ᠮᠤᠤᠷ᠎ᠤᠨ ᠠᠷᠠᠰᠤᠨ᠂ ᠮᠢᠨᠵᠢ᠂ ᠡᠯᠪᠡᠩᠭᠦᠨ᠂ ᠬᠥᠪᠦᠩ᠂ ᠦᠨᠡᠭᠡᠨ᠂ ᠪᠠᠭᠠᠪᠠᠭᠠᠢ᠎ᠶᠢᠨ ᠠᠷᠠᠰᠤᠨ᠎ᠤ ᠭᠡᠵᠦ ᠢᠯᠭᠠᠯ᠎ᠦᠭᠡᠢ - ᠨᠢᠭᠡ᠎ᠯᠡ ᠦᠭᠡ᠎ᠪᠡᠷ ᠬᠡᠯᠡᠪᠡᠯ ᠬᠥᠮᠦᠰ ᠬᠦᠢᠲᠡᠨ᠎ᠡᠴᠡ ᠪᠡᠶ᠎ᠡ᠎ᠪᠡᠨ ᠬᠠᠯᠬᠠᠯᠠᠬᠤ᠎ᠪᠠᠷ ᠬᠢᠭᠰᠡᠨ ᠠᠯᠢᠪᠠ ᠦᠰᠦᠲᠡᠢ ᠰᠢᠨᠧᠯ᠎ᠢ ᠪᠦᠷᠢ ᠬᠠᠭᠤᠯᠤᠨ ᠠᠪᠴᠤ ᠪᠠᠢᠨ᠎ᠠ ᠭᠡᠵᠦ ᠶᠠᠷᠢᠵᠠᠭᠠᠬᠤ ᠪᠣᠯᠤᠯ᠎ᠠ᠃ ᠵᠤᠷᠭᠠᠨ᠎ᠤ ᠨᠢᠭᠡᠨ ᠲᠦᠰᠢᠮᠡᠯ ᠡᠨᠡ ᠣᠷᠤᠯᠠᠩ᠎ᠢ ᠨᠢᠳᠦ᠎ᠪᠡᠷ᠎ᠢᠶᠡᠨ ᠦᠵᠡᠭᠰᠡᠨ ᠪᠥᠭᠡᠳ ᠠᠺᠠᠺᠢ ᠠᠺᠠᠺᠢᠶᠸᠢᠴᠧ ᠮᠥᠨ ᠪᠠᠢᠭᠰᠠᠨ᠎ᠢ ᠳᠣᠣᠷ᠎ᠠ᠎ᠨᠢ ᠲᠠᠨᠢᠭᠰᠠᠨ ᠭᠡᠨ᠎ᠡ᠃ ᠁ ᠴᠠᠭᠳᠠᠭᠠᠨ᠎ᠤ ᠲᠣᠪᠴᠢᠶᠠᠨ᠎ᠠᠴᠠ ᠴᠢᠩᠭ᠎ᠠ ᠵᠠᠷᠯᠢᠭ ᠭᠠᠷᠭᠠᠵᠤ᠂ ᠲᠡᠷᠡ᠎ᠬᠦ ᠣᠷᠤᠯᠠᠩ᠎ᠢ ᠠᠮᠢᠳᠤ᠎ᠪᠠᠷ᠎ᠨᠢ᠎ᠴᠤ ᠲᠡᠷᠡ᠂ ᠬᠡᠭᠦᠷ᠎ᠢ᠎ᠨᠢ᠎ᠴᠦ ᠲᠡᠷᠡ᠂ ᠵᠠᠪᠠᠯ ᠪᠠᠷᠢᠪᠴᠢᠯᠠᠨ ᠠᠪᠴᠤ ᠬᠠᠲᠠᠭᠤ ᠰᠢᠳᠭᠡᠯ ᠦᠵᠡᠭᠦᠯᠦᠨ ᠣᠯᠠᠨ᠎ᠠ ᠴᠡᠭᠡᠷᠯᠡᠯ ᠪᠣᠯᠭᠠᠬᠤ ᠬᠡᠷᠡᠭᠲᠡᠢ ᠭᠡᠵᠦ ᠳᠤᠷᠠᠳᠴᠠᠢ᠃ ᠡᠨᠡ ᠵᠠᠷᠯᠢᠭ ᠨᠢᠭᠡ ᠤᠳᠠᠭ᠎ᠠ ᠪᠠᠷᠤᠭ᠎ᠯᠠ ᠪᠡᠶᠡᠯᠡᠭᠳᠡᠬᠦ᠎ᠳᠦ ᠬᠦᠷᠪᠡ᠃ ᠨᠢᠭᠡ ᠬᠠᠷᠠᠭᠤᠯ ᠺᠡᠷᠶᠦᠺᠢᠨ ᠲᠣᠭᠤᠷᠢᠭ᠎ᠤᠨ ᠨᠢᠭᠡᠨ ᠨᠠᠷᠢᠨ ᠭᠤᠳᠤᠮᠵᠢᠨ᠎ᠳᠤ ᠲᠡᠷᠡ ᠣᠷᠤᠯᠠᠩ ᠶᠠᠭ ᠨᠢᠭᠡ ᠠᠵᠢᠯ᠎ᠠᠴᠠ᠎ᠪᠠᠨ ᠴᠢᠯᠦᠭᠡᠯᠡᠭᠳᠡᠭᠰᠡᠨ ᠯᠢᠩᠪᠦᠴᠢᠨ᠎ᠦ ᠴᠡᠮᠪᠡᠨ ᠰᠢᠨᠧᠯ᠎ᠢ ᠪᠤᠯᠢᠶᠠᠵᠤ ᠪᠠᠢᠬᠤ᠎ᠲᠠᠢ ᠲᠠᠭᠠᠷᠠᠨ᠂ ᠲᠡᠭᠦᠨ᠎ᠢ ᠵᠠᠭᠠᠮᠠᠳᠠᠭᠠᠳ ᠠᠪᠴᠠᠢ᠃ ᠲᠡᠷᠡ ᠬᠠᠷᠠᠭᠤᠯ᠂ ᠣᠷᠤᠯᠠᠩ᠎ᠤᠨ ᠵᠠᠭᠠᠮ᠎ᠠ᠎ᠠᠴᠠ ᠲᠠᠯᠪᠢᠯ᠎ᠦᠭᠡᠢ ᠵᠢᠭᠤᠷᠠᠵᠤ᠂ ᠥᠭᠡᠷ᠎ᠡ ᠬᠣᠶᠠᠷ ᠬᠠᠷᠠᠭᠤᠯ᠎ᠢ ᠳᠠᠭᠤᠳᠠᠨ ᠠᠪᠴᠢᠷᠠᠵᠤ ᠣᠷᠤᠯᠠᠩ᠎ᠢᠶᠠᠨ ᠲᠡᠳᠡᠨ᠎ᠳᠦ ᠲᠤᠰᠢᠶᠠᠨ ᠥᠭᠴᠦ᠂ ᠥᠪᠡᠷ᠎ᠢᠶᠡᠨ ᠬᠣᠷᠤᠮᠬᠠᠨ ᠵᠠᠭᠤᠷ᠎ᠠ᠎ᠶᠢᠨ ᠳᠣᠲᠤᠷ᠎ᠠ᠂ ᠲᠦᠷᠡᠢ᠎ᠡᠴᠡ᠎ᠪᠡᠨ ᠦᠢᠰᠦᠨ ᠰᠠᠪᠠ᠎ᠲᠠᠢ ᠬᠠᠮᠠᠷ ᠲᠠᠮᠠᠬᠢ ᠭᠠᠷᠭᠠᠨ ᠠᠪᠴᠤ᠂ ᠵᠢᠷᠭᠤᠭ᠎ᠠ ᠤᠳᠠᠭ᠎ᠠ ᠣᠰᠤᠭᠤᠭᠰᠠᠨ ᠲᠡᠦᠬᠡᠲᠡᠢ ᠬᠠᠮᠠᠷ᠎ᠲᠠᠭᠠᠨ ᠰᠣᠴᠢᠭ᠎ᠠ ᠣᠷᠤᠭᠤᠯᠤᠶ᠎ᠠ ᠭᠡᠵᠦ ᠪᠣᠳᠤᠭᠰᠠᠨ ᠠᠵᠢ᠃ ᠭᠡᠲᠡᠯ᠎ᠡ ᠡᠨᠡ ᠲᠠᠮᠠᠬᠢ᠎ᠨᠢ ᠠᠢᠬᠤᠪᠲᠤᠷ ᠳᠣᠭᠰᠢᠨ ᠲᠤᠯᠠ ᠣᠷᠤᠯᠠᠩ᠎ᠴᠤ ᠭᠡᠳ ᠲᠡᠰᠪᠦᠷᠢᠯᠡᠵᠦ ᠴᠢᠳᠠᠬᠤ᠎ᠦᠭᠡᠢ ᠪᠠᠢᠭᠰᠠᠨᠵᠠᠢ ᠁ ᠬᠠᠷᠠᠭᠤᠯ ᠬᠠᠮᠠᠷ᠎ᠤᠨ᠎ᠢᠶᠠᠨ ᠪᠠᠷᠠᠭᠤᠨ ᠨᠦᠬᠡ᠎ᠶᠢ ᠪᠥᠭᠯᠡᠵᠦ᠂ ᠵᠡᠭᠦᠨ ᠨᠦᠬᠡ᠎ᠪᠡᠷ᠎ᠨᠢ ᠠᠯᠠᠭᠠᠨ ᠳᠡᠭᠡᠷᠡᠬᠢ ᠲᠠᠮᠠᠬᠢᠨ᠎ᠤ ᠬᠠᠭᠠᠰ᠎ᠢ ᠲᠡᠳᠡᠨ ᠣᠷᠤᠭᠤᠯᠲᠠᠯ᠎ᠠ ᠥᠨᠥᠬᠢ ᠣᠷᠤᠯᠠᠩ ᠬᠡᠳᠦ ᠠᠢᠬᠤᠪᠲᠤᠷ ᠨᠠᠢᠲᠠᠭᠠᠵᠤ᠂ ᠭᠤᠷᠪᠠᠨ ᠬᠠᠷᠠᠭᠤᠯ᠎ᠤᠨ ᠨᠢᠭᠤᠷ ᠠᠮᠠ᠎ᠶᠢ ᠨᠡᠢᠳᠡᠮ ᠨᠢᠰᠤ ᠤᠰᠤ ᠪᠣᠯᠭᠠᠪᠠ᠃ ᠲᠡᠷᠡ ᠭᠤᠷᠪᠠ ᠭᠠᠷ᠎ᠢᠶᠠᠷ᠎ᠢᠶᠠᠨ ᠨᠢᠳᠦ ᠠᠮᠠ᠎ᠪᠠᠨ ᠠᠷᠴᠢᠨ ᠴᠡᠪᠡᠷᠯᠡᠬᠦ᠎ᠶᠢᠨ ᠵᠠᠪᠰᠠᠷ ᠥᠨᠥᠬᠢ ᠣᠷᠤᠯᠠᠩ᠎ᠢ ᠦᠨᠡᠨ᠎ᠬᠦ ᠪᠠᠷᠢᠭᠰᠠᠨ ᠡᠰᠡᠬᠦ᠎ᠪᠡᠨ᠎ᠴᠦ ᠲᠣᠳᠤᠷᠬᠠᠢ ᠮᠡᠳᠡᠬᠦ᠎ᠪᠡᠨ ᠪᠣᠯᠢᠪᠠ᠃ ᠁

ᠨᠡᠷ᠎ᠡ ᠠᠯᠳᠠᠷᠲᠠᠨ ᠭᠤᠸᠠᠢ ᠣᠷᠤᠢ᠎ᠶᠢᠨ ᠬᠣᠭᠤᠯᠠᠨ ᠳᠡᠭᠡᠷ᠎ᠡ ᠳᠡᠭᠡᠷ᠎ᠡ ᠬᠣᠶᠠᠷ ᠬᠤᠨᠳᠠᠭ᠎ᠠ ᠱᠠᠮᠫᠠᠨ ᠠᠷᠢᠬᠢ ᠬᠥᠨᠲᠦᠷᠴᠢᠬᠡᠪᠡ - ᠣᠯᠠᠨ᠎ᠤ ᠮᠡᠳᠡᠭᠡᠵᠢ᠎ᠪᠡᠷ᠂ ᠰᠠᠷᠬᠤᠳ ᠭᠡᠳᠡᠭ ᠪᠣᠯ ᠰᠠᠪᠠᠨ᠎ᠠᠴᠠ᠎ᠪᠠᠨ ᠪᠤᠰᠤᠳ᠎ᠢ ᠪᠦᠷ ᠬᠥᠭᠵᠢᠭᠡᠵᠦ ᠴᠢᠳᠠᠳᠠᠭ ᠤᠮᠳᠠᠭᠠᠨ ᠰᠢᠤ ᠳ᠋ᠠ᠃ ᠱᠠᠮᠫᠠᠨ ᠠᠷᠢᠬᠢᠨ᠎ᠳᠤ ᠬᠠᠯᠠᠮᠰᠠᠭᠰᠠᠨ ᠨᠡᠷ᠎ᠡ ᠠᠯᠳᠠᠷᠲᠠᠨ ᠭᠤᠸᠠᠢ᠎ᠮᠠᠨᠢ ᠵᠦᠢᠯ ᠪᠦᠷᠢ᠎ᠶᠢᠨ ᠪᠠᠴᠢᠮ ᠶᠠᠪᠤᠳᠠᠯ ᠬᠢᠬᠦ᠎ᠪᠡᠷ ᠰᠢᠢᠳᠴᠡᠢ᠃ ᠶᠠᠭᠤᠨ᠎ᠤ ᠡᠮᠦᠨ᠎ᠡ᠂ ᠭᠡᠷ᠎ᠲᠡᠭᠡᠨ ᠬᠠᠷᠢᠯ᠎ᠦᠭᠡᠢ᠎ᠪᠠᠷ ᠲᠠᠨᠢᠯ ᠳᠠᠰᠤᠯ ᠪᠣᠯᠤᠭᠰᠠᠨ ᠬᠠᠲᠤᠭᠲᠠᠢ ᠺᠠᠷᠤᠯᠢᠨᠠ ᠢᠸᠠᠨᠤᠸᠠ᠎ᠶᠢᠨ᠎ᠳᠠᠭᠠᠨ ᠣᠴᠢᠬᠤ᠎ᠪᠠᠷ ᠵᠣᠷᠢᠭ ᠣᠷᠤᠪᠠ᠃ ᠁ ᠮᠠᠨ᠎ᠤ ᠨᠡᠷ᠎ᠡ ᠠᠯᠳᠠᠷᠲᠠᠨ ᠭᠤᠸᠠᠢ ᠲᠡᠭᠡᠭᠡᠳ ᠱᠠᠳᠤ᠎ᠪᠠᠷ ᠪᠠᠭᠤᠵᠤ᠂ ᠴᠢᠷᠭᠠᠨ᠎ᠳᠤ ᠰᠠᠭᠤᠭᠠᠳ ᠳᠡᠯᠪᠡᠭᠴᠢ᠎ᠳᠡᠭᠡᠨ: 《 ᠺᠠᠷᠤᠯᠢᠨᠠ ᠢᠸᠠᠨᠤᠸᠠ᠎ᠶᠢᠨ ᠭᠡᠷ ᠤᠷᠤᠭᠤ ᠶᠠᠪᠤ》 ᠭᠡᠵᠦ ᠬᠡᠯᠡᠪᠡ᠃ ᠳᠠᠷᠠᠭ᠎ᠠ᠎ᠪᠠᠷ᠎ᠨᠢ ᠥᠪᠡᠷ᠎ᠢᠶᠡᠨ ᠰᠢᠨᠧᠯ᠎ᠢᠶᠡᠷ ᠪᠡᠶ᠎ᠡ᠎ᠪᠡᠨ ᠭᠣᠶᠤᠮᠰᠤᠭ ᠰᠠᠢᠬᠠᠨ ᠣᠷᠢᠶᠠᠨ ᠰᠠᠭᠤᠭᠠᠳ᠂ ᠣᠷᠤᠰ ᠬᠥᠮᠦᠨ᠎ᠳᠦ ᠠᠪᠴᠤ ᠬᠡᠯᠡᠪᠡᠯ᠂ ᠬᠠᠮᠤᠭ᠎ᠤᠨ ᠶᠡᠬᠡ ᠪᠠᠶᠠᠷ ᠪᠠᠶᠠᠰᠭᠤᠯᠠᠩᠲᠠᠢ ᠪᠣᠳᠤᠯ᠎ᠤᠨ ᠳᠤᠮᠳᠠ᠂ ᠥᠭᠡᠷ᠎ᠡ᠎ᠪᠡᠷ ᠬᠡᠯᠡᠪᠡᠯ᠂ ᠴᠢᠮᠠᠢ ᠶᠠᠮᠠᠷ᠎ᠴᠤ ᠶᠠᠭᠤᠮ᠎ᠠ ᠪᠣᠳᠤᠭᠠᠳᠤᠢ ᠪᠠᠢᠬᠤ ᠦᠶ᠎ᠡ᠎ᠳᠦ᠂ ᠶᠠᠩᠵᠤ ᠪᠦᠷᠢ᠎ᠶᠢᠨ ᠪᠣᠳᠤᠯ᠂ ᠲᠡᠭᠡᠬᠦ᠎ᠳᠡᠭᠡᠨ ᠪᠠᠰᠠ ᠨᠢᠭᠡ᠎ᠨᠢ ᠨᠥᠭᠦᠭᠡ᠎ᠡᠴᠡ᠎ᠪᠡᠨ ᠨᠡᠩ ᠰᠠᠢᠬᠠᠨ᠂ ᠴᠢᠨᠠᠭᠰᠢᠯᠠᠪᠠᠯ ᠴᠢ ᠲᠡᠳᠡᠭᠡᠷ᠎ᠢ ᠤᠬᠤᠴᠢᠯᠠᠬᠤ ᠪᠤᠶᠤ ᠡᠷᠢᠬᠦ᠎ᠶᠢᠨ ᠴᠢᠬᠤᠯᠠ᠎ᠦᠭᠡᠢ᠂ ᠲᠣᠯᠤᠭᠠᠢ᠎ᠳᠤ᠎ᠴᠢᠨᠢ ᠥᠪᠡᠷ᠎ᠢᠶᠡᠨ ᠰᠢᠷᠭᠤᠨ ᠣᠷᠤᠵᠤ ᠢᠷᠡᠵᠦ ᠪᠠᠢᠭ᠎ᠠ ᠪᠣᠳᠤᠯ᠎ᠤᠳ᠎ᠤᠨ ᠳᠤᠮᠳᠠ ᠰᠣᠭᠲᠤᠭᠤᠷᠠᠩᠬᠠᠨ ᠶᠠᠪᠤᠵᠤ ᠪᠠᠢᠯ᠎ᠠ᠃ ᠁ ᠭᠡᠨᠡᠳᠲᠡ ᠨᠢᠭᠡ ᠶᠡᠷᠦ ᠪᠤᠰᠤ᠎ᠶᠢᠨ ᠠᠢᠬᠤᠪᠲᠤᠷ ᠬᠦᠴᠦᠨ ᠰᠢᠨᠧᠯ᠎ᠦᠨ ᠵᠠᠭᠠᠮ᠎ᠠ᠎ᠪᠠᠷ᠎ᠨᠢ ᠲᠣᠯᠤᠭᠠᠢ᠎ᠶᠢ᠎ᠨᠢ ᠪᠢᠲᠡᠭᠦᠯᠡᠪᠡ᠃ ᠡᠭᠦᠨ᠎ᠳᠦ ᠨᠡᠷ᠎ᠡ ᠠᠯᠳᠠᠷᠲᠠᠨ ᠭᠤᠸᠠᠢ ᠠᠷᠭ᠎ᠠ ᠪᠤᠶᠤ ᠰᠠᠨᠳᠤᠷᠤᠨ ᠮᠡᠩᠳᠡᠵᠦ᠂ ᠲᠣᠯᠤᠭᠠᠢ᠎ᠪᠠᠨ ᠰᠢᠨᠧᠯ᠎ᠦᠨ ᠵᠠᠭᠠᠮ᠎ᠠ ᠳᠣᠲᠤᠷ᠎ᠠ᠎ᠠᠴᠠ ᠬᠦᠴᠦᠯᠡᠨ ᠭᠠᠷᠭᠠᠵᠤ ᠪᠠᠢᠯ᠎ᠠ᠃ ᠭᠡᠨᠡᠳᠲᠡᠬᠡᠨ ᠨᠢᠭᠡ ᠬᠥᠮᠦᠨ ᠵᠠᠭᠠᠮ᠎ᠠ᠎ᠠᠴᠠ᠎ᠨᠢ ᠴᠢᠩᠭ᠎ᠠ ᠠᠳᠭᠤᠨ ᠠᠪᠬᠤ᠎ᠶᠢ ᠨᠡᠷ᠎ᠡ ᠠᠯᠳᠠᠷᠲᠠᠨ ᠭᠤᠸᠠᠢ ᠠᠵᠢᠨ ᠮᠡᠳᠡᠪᠡ᠃ ᠡᠷᠭᠢᠭᠡᠳ ᠬᠠᠷᠠᠬᠤ᠎ᠳᠤᠨᠢ ᠨᠠᠮᠬᠠᠪᠲᠤᠷ ᠪᠡᠶ᠎ᠡ᠎ᠲᠡᠢ᠂ ᠬᠠᠭᠤᠴᠢᠨ ᠮᠠᠭᠤ ᠬᠤᠪᠴᠠᠰᠤᠲᠠᠢ ᠬᠥᠮᠦᠨ ᠦᠵᠡᠭᠳᠡᠪᠡ᠃ ᠡᠨᠡ ᠬᠥᠮᠦᠨ ᠪᠣᠯ ᠠᠺᠠᠺᠢ ᠠᠺᠠᠺᠢᠶᠸᠢᠴᠧ ᠮᠥᠨ ᠪᠣᠯᠬᠤ᠎ᠶᠢ ᠲᠠᠨᠢᠭᠠᠳ ᠲᠤᠢᠯ᠎ᠤᠨ ᠶᠡᠬᠡ ᠬᠡᠯᠮᠡᠭᠳᠡᠨ ᠰᠣᠴᠢᠵᠠᠢ᠃ ᠲᠡᠷᠡ ᠲᠦᠰᠢᠮᠡᠯ᠎ᠦᠨ ᠴᠢᠷᠠᠢ ᠴᠠᠭᠠᠰᠤ᠎ᠰᠢᠭ᠋ ᠴᠠᠢᠭᠠᠳ ᠶᠠᠭ᠎ᠯᠠ ᠦᠬᠦᠭᠰᠡᠨ ᠬᠥᠮᠦᠨ ᠮᠡᠲᠦ ᠬᠠᠷᠠᠭᠳᠠᠵᠠᠢ᠃ ᠦᠬᠦᠭᠰᠡᠨ ᠬᠥᠮᠦᠨ ᠤᠷᠤᠭᠤᠯ᠎ᠢᠶᠠᠨ ᠴᠣᠷᠪᠤᠢᠯᠭᠠᠨ᠂ ᠣᠢ ᠭᠤᠲᠤᠮ᠎ᠠ ᠪᠤᠯᠠᠰᠢᠨ᠎ᠤ ᠦᠨᠦᠷ ᠦᠨᠦᠷᠲᠦᠭᠦᠯᠦᠨ 《ᠡᠨᠡ᠂ ᠬᠠᠷᠢᠨ ᠴᠢ ᠪᠠᠢᠭᠰᠠᠨ᠎ᠶᠤᠮ᠎ᠤᠤ! ᠪᠢ ᠡᠷᠢᠭᠰᠡᠭᠡᠷ ᠪᠠᠢᠭᠠᠳ ᠲᠡᠷᠡ᠎ᠬᠦ᠂ ᠴᠢᠨᠦ ᠰᠢᠨᠧᠯ᠎ᠦᠨ ᠵᠠᠭᠠᠮ᠎ᠠ᠎ᠠᠴᠠ ᠪᠠᠷᠢᠵᠤ ᠠᠪᠤᠯ᠎ᠠ! ᠴᠢᠨᠦ ᠰᠢᠨᠧᠯ᠎ᠯᠡ ᠨᠠᠳᠠ ᠬᠡᠷᠡᠭᠴᠡᠭᠡᠲᠡᠢ᠎ᠶᠦᠮ! ᠴᠢ ᠨᠠᠳᠠ ᠲᠤᠰᠠᠯᠠᠮᠵᠢ ᠦᠵᠡᠭᠦᠯᠬᠦ᠎ᠦᠭᠡᠢ ᠮᠥᠷᠲᠡᠭᠡᠨ ᠬᠠᠷᠢᠨ ᠨᠠᠮᠠᠢ ᠵᠢᠮᠡᠯᠡᠨ ᠰᠢᠭᠦᠮᠵᠢᠯᠡᠭᠰᠡᠨ ᠪᠢᠯᠡ᠎ᠦᠦ᠂ - ᠣᠳᠣ ᠴᠢ ᠥᠪᠡᠷ᠎ᠦᠨ ᠰᠢᠨᠧᠯ᠎ᠢᠶᠡᠨ ᠨᠠᠳᠠ ᠥᠭ!》 ᠭᠡᠵᠦ ᠬᠡᠯᠡᠭᠰᠡᠨ᠎ᠳᠦ ᠨᠡᠷ᠎ᠡ ᠠᠯᠳᠠᠷᠲᠠᠨ ᠭᠤᠸᠠᠢ ᠠᠶᠤᠭᠠᠳ ᠪᠠᠷᠤᠭ ᠦᠬᠦᠴᠢᠬᠡᠬᠦ ᠰᠢᠬᠠᠪᠠ᠃ ᠁ ᠲᠡᠭᠡᠭᠡᠳ ᠰᠢᠨᠧᠯ᠎ᠢᠶᠡᠨ ᠲᠠᠢᠯᠵᠤ ᠬᠠᠶᠠᠮᠠᠭᠴᠠ᠎ᠪᠠᠨ: 《ᠭᠡᠷ ᠤᠷᠤᠭᠤ ᠬᠤᠷᠳᠤᠨ ᠳᠠᠪᠬᠢᠭᠤᠯ!》 ᠭᠡᠵᠦ ᠡᠷᠢᠶᠡᠨ ᠮᠢᠷᠢᠶᠡᠨ ᠬᠣᠭᠤᠯᠠᠢ᠎ᠪᠠᠷ ᠪᠠᠷᠬᠢᠷᠠᠪᠠ᠃ ᠳᠡᠯᠪᠡᠭᠴᠢ᠎ᠨᠢ ᠡᠨᠡ᠎ᠬᠦ ᠪᠠᠴᠢᠮ ᠪᠠᠢᠳᠠᠯ᠎ᠲᠠᠢ ᠦᠶ᠎ᠡ᠎ᠳᠦ᠎ᠯᠡ ᠰᠣᠨᠤᠰᠳᠠᠳᠠᠭ ᠳᠠᠭᠤᠨ ᠪᠠ ᠠᠶᠠᠭᠦᠢ ᠪᠣᠯ ᠡᠨᠡ ᠳᠠᠭᠤᠨ᠎ᠠᠴᠠ᠎ᠴᠤ ᠢᠯᠡᠭᠦᠦ ᠦᠷ᠎ᠡ ᠳ᠋ᠦᠩ ᠭᠠᠷᠭᠠᠬᠤ ᠥᠭᠡᠷ᠎ᠡ ᠬᠥᠳᠡᠯᠭᠡᠭᠡᠨ ᠪᠠᠢᠬᠤ ᠮᠠᠭᠠᠳ᠎ᠦᠭᠡᠢ ᠭᠡᠵᠦ ᠪᠣᠳᠤᠭᠠᠳ ᠤᠷᠢᠳᠤ᠎ᠠᠴᠠ ᠪᠣᠯᠭᠤᠮᠵᠢᠯᠠᠨ᠂ ᠳᠠᠯᠤ ᠮᠥᠷᠦ᠎ᠪᠡᠨ ᠪᠣᠰᠭᠠᠵᠤ ᠬᠦᠵᠦᠭᠦᠦ᠎ᠪᠡᠨ ᠨᠤᠭᠲᠤᠢᠯᠭᠠᠭᠠᠳ᠂ ᠴᠢᠷᠭᠠᠨ᠎ᠤ ᠮᠣᠷᠢᠨ᠎ᠳᠠᠭᠠᠨ ᠰᠢᠷᠦᠭᠦᠨ ᠲᠠᠰᠢᠭᠤᠷ ᠪᠠᠭᠤᠯᠭᠠᠵᠤ᠂ ᠬᠠᠷᠪᠤᠭᠰᠠᠨ ᠰᠤᠮᠤ᠎ᠰᠢᠭ᠋ ᠳᠠᠪᠬᠢᠪᠠ᠃ ᠵᠢᠷᠭᠤᠭ᠎ᠠ ᠳᠣᠯᠤᠭᠠᠬᠠᠨ ᠮᠢᠨ᠋ᠦ᠋ᠲ᠎ᠦᠨ ᠳᠠᠷᠠᠭ᠎ᠠ᠂ ᠨᠡᠷ᠎ᠡ ᠠᠯᠳᠠᠷᠲᠠᠨ ᠭᠤᠸᠠᠢ ᠨᠢᠭᠡᠨᠲᠡ ᠭᠡᠷ᠎ᠦᠨ᠎ᠢᠶᠡᠨ ᠡᠭᠦᠳᠡᠨ᠎ᠳᠦ ᠬᠦᠷᠴᠡᠢ᠃ ᠰᠦᠨᠡᠰᠦ᠎ᠨᠢ ᠵᠠᠢᠯᠠᠲᠠᠯ᠎ᠠ ᠠᠶᠤᠭᠰᠠᠨ ᠲᠡᠭᠦᠨ᠎ᠦ ᠴᠢᠷᠠᠢ ᠴᠠᠭᠠᠰᠤ᠎ᠰᠢᠭ᠋ ᠴᠠᠭᠠᠨ ᠪᠣᠯᠵᠠᠢ᠃ ᠺᠠᠷᠤᠯᠢᠨᠠ ᠢᠸᠠᠨᠤᠸᠠ᠎ᠳᠠᠭᠠᠨ ᠣᠴᠢᠵᠤ ᠴᠢᠳᠠᠭᠰᠠᠨ᠎ᠦᠭᠡᠢ ᠮᠥᠷᠲᠡᠭᠡᠨ ᠰᠢᠨᠧᠯ᠎ᠢᠶᠡᠨ ᠠᠯᠳᠠᠭᠰᠠᠨ᠎ᠨᠢ ᠳᠡᠩᠴᠢ ᠬᠠᠷᠠᠮᠰᠠᠯᠲᠠᠢ᠃ ᠁ ᠡᠨᠡ ᠬᠡᠷᠡᠭ᠎ᠦᠨ ᠳᠠᠷᠠᠭ᠎ᠠ ᠨᠥᠭᠦᠭᠡ ᠣᠷᠤᠯᠠᠩ ᠲᠦᠰᠢᠮᠡᠯ ᠳᠠᠬᠢᠨ ᠭᠠᠷᠴᠤ ᠢᠷᠡᠭᠰᠡᠨ᠎ᠦᠭᠡᠢ᠃ ᠡᠭᠦᠨ᠎ᠡᠴᠡ ᠦᠵᠡᠬᠦ᠎ᠳᠦ ᠭᠧᠨᠧᠷᠡᠯ᠎ᠦᠨ ᠰᠢᠨ᠋ᠧᠯ ᠪᠡᠶ᠎ᠡ᠎ᠳᠦᠨᠢ ᠲᠣᠬᠢᠷᠠᠭᠰᠠᠨ᠎ᠨᠢ ᠯᠠᠪ᠃ ᠬᠠᠮᠤᠭ ᠨᠠᠭᠠᠳᠤ ᠵᠠᠬ᠎ᠠ᠎ᠨᠢ ᠳᠠᠬᠢᠵᠤ ᠶᠠᠮᠠᠷ ᠨᠢᠭᠡᠨ ᠬᠥᠮᠦᠨ᠎ᠦ ᠰᠢᠨ᠋ᠧᠯ ᠪᠤᠯᠢᠶᠠᠭᠳᠠᠭᠰᠠᠨ ᠴᠢᠮᠡᠭᠡ ᠰᠣᠨᠤᠰᠳᠠᠭᠰᠠᠨ᠎ᠦᠭᠡᠢ᠃ ᠁

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082