ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠤᠨᠠᠭᠠᠨ ᠪᠦᠷᠢᠳᠦ

ᠠ᠊᠂ ᠣᠳᠽᠠᠷ

ᠵᠤᠨ᠎ᠤ ᠡᠬᠢᠨ᠎ᠦ ᠲᠤᠩᠭᠠᠯᠠᠭ ᠡᠳᠦᠷ ᠪᠢ ᠲᠡᠮᠡᠭᠡ ᠤᠨᠤᠵᠤ ᠮᠠᠩᠬᠠᠨ ᠳᠠᠯᠠᠢ᠎ᠶᠢ ᠭᠡᠲᠦᠯᠵᠦ ᠤᠨᠠᠭᠠᠨ ᠪᠦᠷᠢᠳᠦ᠎ᠶᠢ ᠴᠢᠭᠯᠡᠪᠡ᠃ ᠮᠥᠯᠢᠭᠡᠷ ᠮᠥᠯᠢᠭᠡᠷ ᠴᠠᠭᠠᠨ ᠮᠠᠩᠬ᠎ᠠ ᠬᠢᠵᠠᠭᠠᠷ᠎ᠦᠭᠡᠢ ᠵᠠᠯᠭᠠᠯᠳᠤᠨ ᠭᠦᠨ ᠳᠠᠯᠠᠢ᠎ᠶᠢᠨ ᠳᠣᠭᠰᠢᠨ ᠳᠠᠪᠠᠯᠭᠠᠨ ᠮᠡᠲᠦ ᠴᠠᠯᠭᠢᠯᠠᠵᠤ ᠬᠤᠷᠴᠠ ᠨᠠᠷᠠᠨ᠎ᠤ ᠭᠡᠷᠡᠯ ᠰᠠᠴᠤᠷᠠᠨ᠎ᠠ᠃ ᠰᠢᠲᠠᠭᠠᠮ᠎ᠠ ᠨᠠᠷᠠᠨ ᠳᠡᠭᠡᠷ᠎ᠡ᠎ᠡᠴᠡ ᠲᠥᠭᠡᠨᠡᠬᠦ᠎ᠳᠦ ᠬᠠᠯᠠᠭᠤᠨ ᠢᠯᠴᠢ ᠳᠣᠣᠷ᠎ᠠ᠎ᠠᠴᠠ ᠨᠢᠯᠴᠢᠭᠢᠨᠠᠵᠦ ᠠᠮᠢᠰᠭᠤᠭ᠎ᠠ ᠪᠥᠭᠯᠡᠷᠡᠬᠦ ᠪᠣᠯᠪᠠᠴᠤ ᠬᠠᠶᠠ ᠥᠨᠳᠦᠷ ᠮᠠᠩᠬᠠᠨ᠎ᠤ ᠬᠥᠲᠦᠯ᠎ᠢ ᠳᠠᠪᠠᠵᠤ᠂ ᠦᠶ᠎ᠡ ᠦᠶ᠎ᠡ ᠢᠯᠪᠢᠨ ᠢᠷᠡᠬᠦ ᠰᠡᠷᠢᠭᠦᠨ ᠰᠠᠯᠬᠢ᠎ᠶᠢ ᠰᠥᠷᠦᠨ ᠶᠠᠪᠤᠬᠤ᠎ᠨᠢ ᠮᠥᠨ᠎ᠴᠦ ᠨᠢᠭᠡ ᠴᠠᠭ᠎ᠤᠨ ᠵᠢᠷᠭᠠᠯ ᠪᠣᠯᠤᠨ᠎ᠠ᠃

《ᠡᠯᠡᠰᠦᠨ ᠳᠠᠯᠠᠢ᠎ᠶᠢᠨ ᠣᠩᠭᠤᠴᠠ》 ᠭᠡᠵᠦ ᠡᠷᠲᠡ᠎ᠡᠴᠡ ᠠᠯᠳᠠᠷᠰᠢᠭᠰᠠᠨ ᠣᠷᠳᠤᠰ᠎ᠤᠨ ᠲᠡᠮᠡᠭᠡ᠂ ᠮᠠᠩᠬᠠᠨ ᠳᠠᠪᠠᠭ᠎ᠠ᠎ᠨᠤᠭᠤᠳ᠎ᠢ ᠠᠷᠤ᠎ᠳᠠᠭᠠᠨ ᠣᠷᠬᠢᠨ ᠤᠷᠤᠭᠰᠢᠯᠠᠵᠤ ᠶᠠᠪᠤᠲᠠᠯ᠎ᠠ ᠬᠦᠳᠡᠩᠳᠦᠨ ᠴᠡᠩᠬᠡᠷᠯᠡᠬᠦ ᠮᠠᠨᠠᠨ ᠳᠤᠮᠳᠠ ᠨᠢᠭᠡ ᠶᠡᠬᠡ ᠳᠠᠭᠲᠤ ᠮᠡᠲᠦ ᠥᠨᠳᠦᠷ ᠬᠠᠢᠷᠬᠠᠨ ᠠᠯᠤᠰ᠎ᠲᠤ ᠬᠥᠪᠬᠡᠯᠵᠡᠨ ᠬᠠᠷᠠᠭᠳᠠᠪᠠ᠃ ᠪᠢ ᠣᠯᠵᠤ ᠦᠵᠡᠮᠡᠭᠴᠡ ᠲᠡᠭᠦᠨ᠎ᠢ ᠵᠡᠷᠭᠡᠯᠭᠡᠨ ᠳᠤᠮᠳᠠᠬᠢ ᠬᠣᠯᠠ᠎ᠶᠢᠨ ᠡᠭᠦᠯᠡ ᠭᠡᠵᠦ ᠰᠠᠨᠠᠪᠠ᠃ ᠭᠡᠲᠡᠯ᠎ᠡ ᠡᠨᠡ ᠪᠣᠯ ᠣᠷᠳᠤᠰ ᠨᠤᠲᠤᠭ᠎ᠤᠨ ᠥᠷᠦᠴᠡ ᠪᠣᠯᠤᠭᠰᠠᠨ ᠡᠷᠬᠡᠲᠦ ᠬᠠᠢᠷᠬᠠᠨ ᠭᠡᠳᠡᠭ ᠠᠭᠤᠯᠠ ᠭᠡᠵᠦ ᠬᠠᠮᠲᠤ ᠠᠶᠠᠯᠠᠭᠰᠠᠨ ᠨᠥᠬᠦᠳ ᠨᠠᠳᠠ ᠬᠡᠯᠡᠵᠦ ᠥᠭᠪᠡ᠃ ᠡᠯᠡᠰᠦᠨ ᠳᠠᠯᠠᠢ ᠳᠣᠲᠤᠷ᠎ᠠ ᠲᠤᠵᠢ ᠭᠤᠷᠪᠠᠨ ᠡᠳᠦᠷ ᠠᠶᠠᠯᠠᠭᠠᠳ ᠭᠡᠨᠡᠳᠲᠡ ᠠᠭᠤᠯᠠᠨ᠎ᠤ ᠪᠠᠷ᠎ᠠ ᠦᠵᠡᠬᠦ᠎ᠳᠦ ᠦᠨᠡᠬᠡᠷ ᠰᠠᠯᠵᠤ ᠤᠳᠠᠭᠰᠠᠨ ᠨᠠᠢᠵᠠ᠎ᠲᠠᠢ᠎ᠪᠠᠨ ᠤᠴᠠᠷᠠᠭᠰᠠᠨ᠎ᠰᠢᠭ᠋ ᠬᠠᠯᠠᠭᠤᠨ ᠳᠣᠲᠤᠨᠤ ᠰᠠᠨᠠᠭᠳᠠᠵᠤ᠂ ᠶᠠᠭᠠᠬᠢᠯ᠎ᠠ᠎ᠴᠤ ᠭᠡᠰᠡᠨ ᠲᠦᠷᠭᠡᠬᠡᠨ ᠳᠡᠷᠭᠡᠳᠡ᠎ᠨᠢ ᠣᠴᠢᠬᠤ᠎ᠶᠢ ᠬᠦᠰᠡᠯ᠎ᠡ᠃ ᠡᠷᠬᠡᠲᠦ ᠬᠠᠢᠷᠬᠠᠨ ᠣᠢᠷᠠᠲᠤᠬᠤ ᠲᠤᠲᠤᠮ ᠮᠣᠳᠤ ᠰᠢᠭᠤᠢ ᠤᠯᠠᠮ ᠵᠤᠵᠠᠭᠠᠷᠠᠵᠤ᠂ ᠪᠡᠯᠴᠢᠭᠡᠷ ᠡᠪᠡᠰᠦ ᠨᠣᠭᠤᠭᠠᠷᠠᠭᠠᠳ᠂ ᠮᠠᠩᠭᠢᠷ ᠲᠠᠭᠠᠨ᠎ᠠ᠎ᠶᠢᠨ ᠦᠨᠦᠷ ᠲᠠᠭᠠᠲᠠᠢ ᠰᠠᠢᠬᠠᠨ ᠬᠠᠩᠬᠤᠯᠤᠨ᠎ᠠ᠃ ᠮᠠᠩᠬᠠᠨ ᠵᠠᠬ᠎ᠠ᠎ᠶᠢᠨ ᠥᠨᠳᠦᠷ ᠣᠷᠤᠢ᠎ᠶᠢ ᠳᠠᠪᠠᠵᠤ ᠭᠠᠷᠤᠩᠭᠤᠲᠠ ᠲᠡᠭᠷᠢ ᠲᠤᠯᠤᠮ᠎ᠠ ᠴᠡᠩᠬᠡᠷ ᠳᠣᠯᠭᠢᠶᠠᠨ᠎ᠤ ᠦᠵᠦᠭᠦᠷ᠎ᠲᠦ ᠨᠢᠭᠡ ᠰᠠᠢᠬᠠᠨ ᠲᠦᠭᠦᠷᠢᠭ ᠨᠠᠭᠤᠷ ᠦᠵᠡᠭᠳᠡᠪᠡ᠃ ᠬᠣᠯᠠ᠎ᠠᠴᠠ ᠬᠠᠷᠠᠬᠤ᠎ᠳᠤ ᠨᠠᠭᠤᠷ ᠶᠠᠭ ᠮᠥᠩᠭᠦᠨ ᠤᠰᠤ ᠮᠡᠲᠦ ᠮᠡᠯᠮᠡᠯᠵᠡᠨ ᠭᠢᠯᠲᠦᠭᠡᠨᠡᠭᠡᠳ᠂ ᠲᠡᠷᠭᠡᠯ ᠰᠠᠷᠠᠨ ᠭᠠᠵᠠᠷ ᠤᠨᠠᠭᠰᠠᠨ᠎ᠰᠢᠭ᠋ ᠲᠦᠭᠦᠷᠢᠭ ᠪᠥᠭᠡᠳ ᠭᠡᠭᠡᠨ᠃ ᠡᠨᠡ᠎ᠨᠢ ᠣᠷᠳᠤᠰ᠎ᠤᠨ ᠥᠨᠳᠦᠷᠯᠢᠭ᠎ᠦᠨ ᠴᠢᠮᠡᠭ ᠪᠣᠯᠤᠭᠰᠠᠨ ᠠᠯᠳᠠᠷᠲᠤ ᠰᠠᠢᠬᠠᠨ ᠤᠨᠠᠭᠠᠨ ᠪᠦᠷᠢᠳᠦ ᠮᠥᠨ ᠠᠵᠢ᠃ ᠶᠠᠪᠤᠵᠤ ᠪᠠᠢᠲᠠᠯ᠎ᠠ ᠮᠠᠩᠬᠠᠨ ᠵᠠᠮ ᠪᠢᠳᠡᠨ᠎ᠢ ᠬᠥᠲᠦᠯᠵᠦ ᠲᠡᠭᠷᠢ᠎ᠶᠢᠨ ᠨᠠᠷᠠ ᠦᠵᠡᠭᠳᠡᠬᠦ᠎ᠦᠭᠡᠢ ᠪᠠᠯᠠᠷ ᠳ᠋ᠦᠩ᠎ᠳᠦ ᠣᠷᠤᠭᠤᠯᠪᠠ᠃ ᠡᠨᠡ ᠬᠢᠷᠢ᠎ᠳᠦ ᠮᠠᠩᠬᠠᠨ ᠳᠠᠯᠠᠢ᠎ᠶᠢᠨ ᠰᠢᠲᠠᠭᠠᠮ᠎ᠠ ᠬᠠᠯᠠᠭᠤᠨ ᠬᠣᠯᠠ ᠬᠠᠶᠠᠭᠳᠠᠵᠤ᠂ ᠴᠢᠭᠢᠭ᠎ᠦᠨ ᠠᠮᠢᠰᠭᠤᠯ᠎ᠢᠶᠠᠷ ᠳᠦᠭᠦᠷᠦᠭᠰᠡᠨ ᠰᠡᠷᠢᠭᠦᠨ ᠰᠠᠯᠬᠢ ᠡᠩᠭᠡᠯᠵᠡᠭᠦᠷ ᠥᠭᠡᠳᠡ ᠰᠡᠩᠭᠢᠨᠡᠵᠦ ᠨᠢᠭᠡ᠎ᠯᠡ ᠴᠠᠭ᠎ᠢᠶᠠᠷ ᠨᠠᠮᠤᠷ ᠪᠣᠯᠤᠭᠰᠠᠨ ᠮᠡᠲᠦ ᠰᠠᠨᠠᠭᠳᠠᠭᠤᠯᠤᠨ᠎ᠠ᠃ ᠡᠨᠳᠡ ᠶᠣᠰᠤᠲᠠᠢ ᠵᠦᠢᠯ᠎ᠦᠨ ᠰᠢᠪᠠᠭᠤᠳ᠎ᠤᠨ ᠴᠡᠩᠭᠡᠯᠲᠦ ᠣᠷᠤᠨ ᠪᠠᠢᠵᠠᠢ᠃ ᠬᠣᠯᠠ᠎ᠠᠴᠠ ᠬᠥᠬᠦᠭᠡ ᠰᠢᠪᠠᠭᠤ ᠳᠣᠩᠭᠤᠳᠤᠨ᠂ ᠬᠣᠢᠭᠤᠷ ᠡᠮᠦᠨᠡᠭᠦᠷ ᠬᠠᠷᠢᠶᠠᠴᠠᠢ ᠬᠠᠯᠢᠨ ᠨᠢᠰᠴᠦ᠂ ᠬᠣᠶᠠᠷ ᠬᠠᠵᠠᠭᠤ᠎ᠪᠠᠷ ᠪᠣᠯᠵᠤᠮᠤᠷ ᠴᠡᠭᠴᠡᠦᠬᠡᠢ ᠵᠢᠷᠭᠢᠨ᠎ᠡ᠃

ᠡᠨᠳᠡ ᠬᠢᠩᠭᠠᠨ ᠠᠭᠤᠯᠠᠨ᠎ᠤ ᠣᠢ ᠮᠡᠲᠦ ᠰᠦᠷᠯᠢᠭ ᠨᠠᠷᠠᠰᠤ ᠦᠵᠡᠭᠳᠡᠬᠦ᠎ᠦᠭᠡᠢ᠂ ᠠᠪᠠ᠎ᠶᠢᠨ ᠠᠭᠤᠯᠠᠨ᠎ᠤ ᠣᠢ ᠮᠡᠲᠦ ᠴᠡᠭᠡᠬᠡᠨ ᠬᠤᠰᠤ ᠬᠠᠷᠠᠭᠳᠠᠬᠤ᠎ᠦᠭᠡᠢ᠂ ᠵᠥᠪᠬᠡᠨ ᠢᠭᠴᠢ ᠤᠷᠭᠤᠭᠰᠠᠨ ᠤᠳᠠ ᠤᠯᠢᠶᠠᠰᠤ᠎ᠨᠢ ᠨᠠᠮᠠᠭ᠎ᠠ᠎ᠪᠠᠷ᠎ᠢᠶᠠᠨ ᠨᠡᠢᠯᠡᠵᠦ᠂ ᠵᠠᠮ᠎ᠤᠨ ᠬᠣᠶᠠᠷ ᠲᠠᠯ᠎ᠠ᠎ᠪᠠᠷ ᠮᠣᠢᠯ᠂ ᠤᠬᠤᠨᠠᠢ᠂ ᠨᠣᠬᠠᠢ᠎ᠶᠢᠨ ᠬᠣᠰᠢᠭᠤ᠂ ᠥᠷᠢᠯ᠂ ᠬᠡᠭᠡᠷ᠎ᠡ᠎ᠶᠢᠨ ᠠᠯᠢᠮ᠎ᠠ ᠵᠡᠷᠭᠡ ᠶᠠᠭᠰᠢᠷᠠᠲᠠᠯ᠎ᠠ ᠰᠠᠭᠤᠵᠤ᠂ ᠨᠥᠬᠦᠷᠰᠡᠭ ᠵᠣᠴᠢᠷᠬᠠᠭ ᠣᠷᠳᠤᠰ᠎ᠤᠨ ᠮᠠᠯᠴᠢᠳ᠎ᠤᠨ ᠲᠠᠪᠠᠭ᠎ᠲᠠᠢ ᠴᠠᠭᠠᠨ ᠢᠳᠡᠭᠡ ᠮᠡᠲᠦ ᠬᠠᠮᠢᠭᠠᠰᠢ᠎ᠪᠠᠨ ᠭᠠᠷ ᠰᠤᠩᠭᠠᠪᠠᠴᠤ ᠠᠪᠴᠤ ᠡᠮᠬᠦᠮᠡᠷ ᠪᠠᠢᠨ᠎ᠠ ᠪᠢᠯᠡ᠃ ᠣᠢ ᠰᠢᠭᠤᠢ᠎ᠶᠢᠨ ᠵᠠᠬ᠎ᠠ᠎ᠠᠴᠠ ᠭᠠᠷᠬᠤ᠎ᠲᠠᠢ ᠵᠡᠷᠭᠡ ᠠᠳᠤᠭᠤ ᠮᠠᠯ᠎ᠤᠨ ᠰᠦᠷᠦᠭ ᠬᠠᠷᠠᠭᠳᠠᠵᠤ᠂ ᠬᠣᠨᠢᠴᠢᠨ ᠬᠡᠦᠬᠡᠨ᠎ᠦ ᠬᠣᠩᠭᠤᠷ ᠳᠠᠭᠤᠨ ᠣᠢ᠎ᠶᠢᠨ ᠳᠣᠲᠤᠷ᠎ᠠ ᠴᠤᠤᠷᠢᠶᠠᠳᠤᠨ ᠰᠣᠨᠤᠰᠳᠠᠨ᠎ᠠ᠃

ᠤᠨᠠᠭᠠᠨ ᠪᠦᠷᠢᠳᠦ᠎ᠶᠢᠨ ᠭᠠᠳᠠᠭᠤᠷ ᠣᠭ᠌ᠶᠤᠨ ᠬᠡᠷᠡᠮ ᠪᠣᠯᠵᠤ ᠴᠠᠭᠠᠷᠢᠭᠯᠠᠭᠰᠠᠨ ᠪᠠᠯᠠᠷ ᠰᠢᠭᠤᠢ᠎ᠶᠢ ᠰᠢᠪᠲᠤᠯᠤᠨ ᠥᠩᠭᠡᠷᠡᠪᠡᠯ ᠴᠡᠴᠡᠭ ᠬᠤᠸᠠᠷ᠎ᠢᠶᠠᠷ ᠴᠢᠮᠡᠭᠯᠡᠭᠰᠡᠨ ᠰᠣᠷᠭᠤᠭ ᠪᠡᠯᠴᠢᠭᠡᠷᠲᠦ ᠲᠠᠯ᠎ᠠ ᠬᠠᠷᠠᠭᠳᠠᠨ᠎ᠠ᠃ ᠤᠷᠠᠯᠠᠨ ᠨᠡᠬᠡᠭᠰᠡᠨ ᠬᠡᠪᠢᠰ ᠮᠡᠲᠦ ᠨᠠᠷᠢᠨ ᠵᠥᠭᠡᠯᠡᠨ ᠵᠦᠯᠭᠡᠨ ᠳᠡᠭᠡᠷ᠎ᠡ ᠴᠠᠪᠠ᠎ᠦᠭᠡᠢ ᠱᠠᠵᠠᠩ᠎ᠰᠢᠭ᠋ ᠮᠠᠨᠤ ᠬᠤᠸᠠᠷ᠂ ᠴᠢᠰᠤᠨ ᠤᠯᠠᠭᠠᠨ ᠲᠤᠷᠤᠭ ᠰᠠᠷᠠᠨ᠎ᠠ᠂ ᠠᠯᠲᠠᠨ ᠥᠩᠭᠡᠲᠡᠢ ᠰᠢᠷ᠎ᠠ ᠬᠤᠸᠠᠷ᠂ ᠪᠢᠨᠳᠠᠷᠢᠶᠠᠨ ᠥᠩᠭᠡᠲᠡᠢ᠎ᠪᠡᠷᠢᠴᠡᠴᠡᠭ᠎ᠦᠳ ᠥᠩᠭᠡ ᠢᠯᠭᠠᠷᠠᠨ ᠳᠡᠯᠭᠡᠷᠡᠭᠡᠳ ᠵᠢᠪᠠᠷ᠎ᠤᠨ ᠠᠶᠠᠰ᠎ᠢᠶᠠᠷ ᠲᠣᠯᠤᠭᠠᠢ ᠳᠣᠬᠢᠯᠵᠠᠵᠤ ᠨᠠᠢᠭᠤᠨ᠎ᠠ᠃ ᠴᠡᠴᠡᠭ᠎ᠦᠨ ᠳᠤᠮᠳᠠᠭᠤᠷ ᠥᠷᠦᠮ᠎ᠡ ᠬᠤᠯᠠᠭᠠᠢᠴᠢ ᠰᠦᠯᠵᠢᠯᠳᠦᠵᠦ᠂ ᠥᠩᠭᠡ ᠪᠦᠷᠢ᠎ᠶᠢᠨ ᠡᠷᠪᠡᠬᠡᠢ ᠲᠡᠭᠦᠨ᠎ᠦ ᠳᠡᠭᠡᠭᠦᠷ ᠨᠢᠰᠦᠨ᠎ᠡ᠃ ᠴᠠᠰᠤ ᠴᠠᠭᠠᠨ ᠬᠣᠨᠢᠨ ᠰᠦᠷᠦᠭ᠂ ᠬᠠᠷ᠎ᠠ ᠢᠮᠠᠭ᠎ᠠ (ᠡᠨᠡ ᠪᠣᠯ ᠣᠷᠳᠤᠰ᠎ᠤᠨ ᠣᠨᠴᠠᠯᠢᠭ᠎ᠤᠨ ᠨᠢᠭᠡ ᠮᠥᠨ) ᠰᠦᠷᠦᠭ ᠰᠦᠷᠦᠭ᠎ᠢᠶᠡᠷ ᠪᠡᠯᠴᠢᠨ ᠲᠣᠭᠲᠠᠬᠤ᠎ᠠᠴᠠ ᠭᠠᠳᠠᠨ᠎ᠠ᠂ ᠮᠡᠯᠡᠢᠲᠡᠯ᠎ᠡ ᠭᠤᠤᠵᠢᠭᠰᠠᠨ ᠮᠢᠬᠠᠯᠢᠭ ᠲᠠᠷᠭᠤᠨ ᠠᠳᠤᠭᠤᠨ ᠰᠦᠷᠦᠭ ᠨᠡᠩ ᠵᠤᠵᠠᠭᠠᠨ ᠬᠠᠷᠠᠭᠳᠠᠬᠤ ᠪᠥᠭᠡᠳ ᠦᠰᠦᠨ᠎ᠦ ᠥᠩᠭᠡ ᠭᠢᠯᠲᠦᠭᠡᠨᠡᠵᠦ ᠲᠣᠰᠤ ᠲᠦᠷᠬᠢᠭᠰᠡᠨ ᠮᠡᠲᠦ ᠭᠡᠷᠡᠯᠲᠦᠨ᠎ᠡ᠃ ᠬᠤᠢ ᠳᠡᠯ᠎ᠲᠡᠢ ᠠᠵᠢᠷᠭ᠎ᠠ᠎ᠨᠤᠭᠤᠳ ᠬᠦᠵᠦᠭᠦᠦ ᠳᠠᠷᠤᠨ ᠳᠡᠯ ᠰᠣᠭᠰᠤᠯᠵᠠᠭᠤᠯᠤᠨ ᠠᠳᠤᠭᠤᠨ ᠳᠤᠮᠳᠠᠭᠤᠷ ᠭᠦᠶᠦᠯᠴᠡᠨ ᠳᠠᠪᠬᠢᠯᠳᠤᠨ᠎ᠠ᠃ ᠬᠠᠪᠤᠷ᠎ᠤᠨ ᠰᠡᠭᠦᠯ ᠵᠤᠨ᠎ᠤ ᠡᠬᠢ᠎ᠨᠢ ᠠᠳᠤᠭᠤᠨ ᠰᠦᠷᠦᠭ᠎ᠦᠨ 《ᠤᠷᠤᠭ ᠬᠤᠷᠢᠮ᠎ᠤᠨ ᠤᠯᠠᠷᠢᠯ》 ᠮᠥᠨ ᠪᠣᠯᠬᠣᠷ ᠵᠠᠷᠢᠮ ᠠᠵᠢᠷᠭ᠎ᠠ᠎ᠨᠢ ᠨᠠᠰᠤ ᠭᠦᠢᠴᠡᠭᠰᠡᠨ ᠪᠠᠢᠳᠠᠰᠤ᠎ᠪᠠᠨ ᠰᠦᠷᠦᠭ᠎ᠡᠴᠡ᠎ᠪᠡᠨ ᠬᠠᠵᠠᠨ ᠭᠠᠷᠭᠠᠵᠤ 《ᠬᠠᠷᠢ᠎ᠳᠤ ᠥᠭᠭᠦᠨ᠎ᠡ》᠃ ᠬᠠᠷᠢ᠎ᠳᠤ ᠥᠭᠭᠦᠭᠰᠡᠨ ᠪᠠᠢᠳᠠᠰᠤ᠎ᠶᠢ᠎ᠨᠢ ᠨᠥᠭᠦᠭᠡ ᠠᠵᠢᠷᠭ᠎ᠠ᠎ᠨᠤᠭᠤᠳ 《ᠬᠦᠷᠭᠡᠯᠡᠨ》 ᠠᠪᠴᠤ ᠮᠠᠰᠢ ᠶᠠᠭᠠᠷᠠᠯᠲᠠᠢ ᠮᠥᠷᠲᠡᠭᠡᠨ ᠲᠡᠮᠡᠴᠡᠭᠡᠨ᠎ᠲᠡᠢ ᠠᠵᠢ᠃ ᠰᠦᠷᠦᠭ᠎ᠡᠴᠡ ᠬᠥᠭᠡᠭᠡᠭᠳᠡᠭᠰᠡᠨ ᠦᠷᠢᠶ᠎ᠡ᠂ 《 ᠬᠠᠷᠢ᠎ᠳᠤ ᠮᠣᠷᠳᠠᠭᠰᠠᠨ》 ᠪᠠᠢᠳᠠᠰᠤ᠎ᠨᠤᠭᠤᠳ ᠮᠥᠨ᠎ᠴᠦ ᠬᠣᠯᠠ ᠤᠷᠤᠭᠯᠠᠭᠰᠠᠨ ᠬᠡᠦᠬᠡᠨ ᠮᠡᠲᠦ ᠡᠴᠢᠭᠡ ᠡᠬᠡ ᠠᠬ᠎ᠠ ᠳᠡᠭᠦᠦ᠎ᠨᠡᠷ᠎ᠡᠴᠡ᠎ᠪᠡᠨ ᠰᠠᠯᠤᠨ ᠶᠠᠳᠠᠵᠤ᠂ ᠳᠠᠬᠢᠨ ᠳᠠᠬᠢᠨ ᠤᠤᠯ ᠰᠦᠷᠦᠭ ᠤᠷᠤᠭᠤ᠎ᠪᠠᠨ ᠬᠦᠷᠦᠯᠴᠡᠨ ᠢᠷᠡᠳᠡᠭ ᠪᠠᠢᠨ᠎ᠠ᠃ ᠠᠳᠤᠭᠤᠨ ᠳᠤᠮᠳᠠᠭᠤᠷ ᠠᠯᠭᠤᠷᠬᠠᠨ ᠶᠠᠪᠤᠬᠤ᠎ᠳᠤ:

ᠤᠨᠠᠭᠠᠨ ᠪᠦᠷᠢᠳᠦ᠎ᠶᠢᠨ ᠤᠰᠤ᠎ᠨᠢ ᠠᠳᠤᠭᠤᠨ ᠰᠦᠷᠦᠭ᠎ᠢ ᠲᠠᠲᠠᠨ᠎ᠠ

ᠤᠬᠠᠭᠠᠨ᠎ᠲᠠᠢ ᠭᠣᠶᠤᠬᠠᠨ ᠵᠠᠵᠠᠢ ᠮᠢᠨᠦ ᠵᠢᠷᠦᠬᠡ᠎ᠶᠢ ᠲᠠᠲᠠᠨ᠎ᠠ ᠭᠡᠰᠡᠨ ᠣᠷᠳᠤᠰ ᠠᠷᠠᠳ᠎ᠤᠨ ᠡᠷᠲᠡᠨ᠎ᠦ ᠳᠠᠭᠤᠤ ᠰᠠᠨᠠᠭᠳᠠᠨ᠎ᠠ᠃ ᠤᠨᠠᠭᠠᠨ ᠪᠦᠷᠢᠳᠦ᠎ᠶᠢᠨ ᠬᠥᠪᠡᠭᠡᠨ᠎ᠳᠦ ᠡᠷᠲᠡᠨ᠎ᠡᠴᠡ ᠠᠪᠤᠭᠠᠳ ᠠᠳᠤᠭᠤ ᠶᠡᠬᠡ ᠦᠷᠡᠵᠢᠳᠡᠭ ᠪᠥᠭᠡᠳ ᠬᠤᠷᠳᠤᠨ ᠮᠣᠷᠢ ᠭᠠᠷᠳᠠᠭ ᠠᠯᠳᠠᠷ᠎ᠲᠠᠢ᠃

ᠨᠠᠮᠤᠷ ᠬᠠᠪᠤᠷ᠎ᠤᠨ ᠤᠯᠠᠷᠢᠯ᠎ᠤᠨ ᠰᠠᠷᠠ᠎ᠲᠠᠢ ᠰᠥᠨᠢ᠎ᠶᠢᠨ ᠭᠦᠨ᠎ᠳᠦ ᠨᠠᠭᠤᠷ᠎ᠤᠨ ᠤᠰᠤ ᠲᠡᠭᠷᠢ ᠲᠤᠯᠤᠮ᠎ᠠ ᠣᠷᠭᠢᠯᠤᠨ ᠳᠣᠲᠤᠷ᠎ᠠ᠎ᠠᠴᠠ᠎ᠨᠢ ᠠᠯᠲᠠᠨ ᠤᠨᠠᠭ᠎ᠠ ᠭᠠᠷᠴᠤ ᠢᠷᠡᠭᠡᠳ᠂ ᠨᠠᠭᠤᠷ᠎ᠤᠨ ᠬᠥᠪᠡᠭᠡ᠎ᠶᠢᠨ ᠵᠥᠭᠡᠯᠡᠨ ᠵᠦᠯᠭᠡᠨ ᠳᠡᠭᠡᠷ᠎ᠡ ᠲᠣᠭᠯᠠᠨ ᠭᠦᠶᠦᠵᠦ᠂ ᠬᠦᠷᠪᠡᠨ ᠨᠠᠭᠠᠳᠳᠠᠭ ᠭᠡᠰᠡᠨ ᠡᠷᠲᠡᠨ᠎ᠦ ᠳᠣᠮᠤᠭ ᠪᠠᠢᠳᠠᠭ ᠠᠵᠢ᠃ ᠲᠡᠷᠡ ᠳᠣᠮᠤᠭ᠎ᠲᠤ: ᠡᠷᠲᠡ ᠤᠷᠢᠳᠤ᠎ᠶᠢᠨ ᠴᠠᠭ᠎ᠲᠤ ᠨᠢᠭᠡᠨ ᠪᠠᠭᠠᠲᠤᠷ᠂ ᠳᠠᠢᠰᠤᠨ᠎ᠳᠤ ᠳᠠᠷᠤᠭᠳᠠᠭᠠᠳ ᠳᠤᠲᠠᠭᠠᠬᠤ᠎ᠳᠤ ᠲᠡᠭᠦᠨ᠎ᠦ ᠠᠯᠲᠠᠨ ᠰᠢᠷᠭ᠎ᠠ ᠮᠣᠷᠢ᠎ᠨᠢ ᠪᠡᠶ᠎ᠡ᠎ᠳᠡᠭᠡᠨ ᠳᠣᠯᠤᠭᠠᠨ ᠵᠡᠪᠡ ᠶᠢᠰᠦᠨ ᠰᠢᠷᠬ᠎ᠠ᠎ᠲᠠᠢ ᠪᠠᠢᠲᠠᠯ᠎ᠠ ᠲᠦᠮᠡᠨ ᠵᠡᠪᠡ ᠮᠢᠩᠭᠠᠨ ᠵᠢᠳᠠᠨ᠎ᠤ ᠳᠤᠮᠳᠠᠭᠤᠷ ᠰᠢᠷᠭᠤᠨ ᠭᠠᠷᠴᠤ᠂ ᠡᠵᠡᠨ᠎ᠢᠶᠡᠨ ᠠᠪᠤᠷᠠᠨ ᠭᠠᠷᠭᠠᠭᠠᠳ᠂ ᠡᠨᠡ ᠨᠠᠭᠤᠷ᠎ᠤᠨ ᠬᠥᠪᠡᠭᠡᠨ᠎ᠳᠦ ᠢᠷᠡᠵᠦ ᠦᠬᠦᠭᠰᠡᠨ᠎ᠶᠦᠮ ᠭᠡᠨ᠎ᠡ᠃ ᠴᠢᠩᠭᠢᠭᠡᠳ ᠡᠵᠡᠨ᠎ᠨᠢ ᠮᠣᠷᠢᠨ᠎ᠤ᠎ᠪᠠᠨ ᠬᠡᠭᠦᠷ᠎ᠢ ᠨᠠᠭᠤᠷ᠎ᠤᠨ ᠬᠥᠪᠡᠭᠡᠨ᠎ᠳᠦ ᠣᠷᠤᠰᠢᠭᠤᠯᠤᠭᠠᠳ᠂ ᠬᠠᠢᠷᠠᠲᠤ ᠬᠦᠯᠦᠭ᠎ᠢᠶᠡᠨ ᠮᠥᠷᠦᠭᠡᠳᠴᠦ ᠰᠠᠨᠠᠬᠤ᠎ᠳᠠᠭᠠᠨ ᠽᠠᠨᠳᠠᠨ ᠮᠣᠳᠤᠨ ᠲᠣᠯᠤᠭᠠᠢ᠎ᠲᠠᠢ ᠮᠣᠷᠢᠨ ᠬᠤᠭᠤᠷ ᠵᠣᠬᠢᠶᠠᠵᠤ᠂ ᠮᠣᠷᠢᠨ᠎ᠤ᠎ᠪᠠᠨ ᠳᠡᠯ ᠰᠡᠭᠦᠯ᠎ᠢᠶᠡᠷ᠎ᠨᠢ ᠴᠢᠪᠬᠠᠳᠠᠰᠤ ᠬᠢᠵᠦ᠂ ᠡᠭᠡᠰᠢᠭᠲᠦ ᠳᠠᠭᠤᠨ ᠵᠣᠬᠢᠶᠠᠵᠤ ᠮᠣᠷᠢ᠎ᠪᠠᠨ ᠮᠠᠭᠲᠠᠨ ᠳᠠᠭᠤᠯᠠᠭᠰᠠᠨ ᠠᠵᠢ᠃ ᠡᠴᠦᠰ᠎ᠲᠡᠭᠡᠨ ᠪᠠᠭᠠᠲᠤᠷ ᠰᠢᠷᠭ᠎ᠠ ᠮᠣᠷᠢ ᠠᠯᠲᠠᠨ ᠤᠨᠠᠭ᠎ᠠ ᠪᠣᠯᠵᠤ ᠨᠠᠭᠤᠷ᠎ᠠᠴᠠ ᠭᠠᠷᠴᠤ ᠢᠷᠡᠭᠡᠳ᠂ ᠡᠵᠡᠨ᠎ᠦ᠎ᠪᠡᠨ ᠵᠦᠭ ᠬᠠᠩᠭᠢᠨᠠᠲᠠᠯ᠎ᠠ ᠦᠦᠷᠰᠡᠳᠡᠭ ᠪᠣᠯᠵᠠᠢ᠃ ᠠᠯᠲᠠᠨ ᠤᠨᠠᠭ᠎ᠠ᠎ᠶᠢᠨ ᠳᠠᠭᠤᠨ ᠮᠢᠩᠭᠠᠨ ᠭᠠᠵᠠᠷ ᠴᠤᠤᠷᠢᠶᠠᠲᠤᠵᠤ᠂ ᠣᠷᠳᠤᠰ᠎ᠤᠨ ᠲᠦᠮᠡᠨ ᠠᠳᠤᠭᠤ ᠲᠡᠭᠦᠨ᠎ᠦ ᠳᠠᠭᠤᠨ ᠵᠦᠭ ᠭᠦᠶᠦᠯᠴᠡᠳᠡᠭ ᠤᠴᠢᠷ᠎ᠠᠴᠠ ᠡᠨᠡ ᠨᠠᠭᠤᠷ᠎ᠢ ᠤᠨᠠᠭᠠᠨ ᠪᠦᠷᠢᠳᠦ ᠭᠡᠵᠦ ᠨᠡᠷᠡᠢᠳᠦᠭᠰᠡᠨ ᠪᠥᠭᠡᠳ ᠡᠨᠳᠡ ᠠᠳᠤᠭᠤ ᠶᠡᠬᠡ ᠥᠰᠴᠦ ᠬᠤᠷᠳᠤᠨ ᠮᠣᠷᠢ ᠭᠠᠷᠳᠠᠭ ᠤᠯᠠᠮᠵᠢᠯᠠᠯ᠎ᠲᠠᠢ ᠪᠣᠯᠤᠭᠰᠠᠨ ᠭᠡᠨ᠎ᠡ᠃ ᠭᠠᠭᠴᠠ ᠮᠣᠷᠢ᠎ᠪᠠᠨ ᠦᠬᠦᠭᠦᠯᠦᠭᠡᠳ ᠭᠣᠨᠢᠷᠬᠠᠯᠲᠤ ᠳᠠᠭᠤᠤ ᠳᠠᠭᠤᠯᠠᠵᠤ ᠰᠠᠭᠤᠭᠰᠠᠨ ᠲᠡᠷᠡ ᠪᠠᠭᠠᠲᠤᠷ᠎ᠤᠨ ᠦᠷᠡᠰ ᠣᠷᠳᠤᠰ ᠨᠤᠲᠤᠭ᠎ᠤᠨ ᠡᠵᠡᠨ᠎ᠨᠢ ᠪᠣᠯᠤᠭᠠᠳ ᠲᠦᠮᠡᠨ ᠠᠳᠤᠭᠤ ᠮᠢᠩᠭᠠᠨ ᠠᠭᠲᠠ᠎ᠪᠠᠷ᠎ᠢᠶᠠᠨ ᠠᠭᠤᠯᠠ ᠲᠠᠯ᠎ᠠ᠎ᠶᠢ ᠳᠦᠭᠦᠷᠭᠡᠵᠦ᠂ ᠲᠠᠷᠭᠤᠨ ᠮᠣᠷᠢᠨ᠎ᠤ ᠨᠢᠷᠤᠭᠤᠨ ᠳᠡᠭᠡᠷ᠎ᠡ ᠰᠦᠪᠡᠭᠡ ᠲᠤᠯᠤᠨ ᠰᠠᠭᠤᠭᠠᠳ ᠢᠨᠠᠭ ᠳᠤᠷᠠᠯᠠᠯ᠂ ᠵᠣᠯ ᠵᠢᠷᠭᠠᠯ᠎ᠤᠨ ᠳᠠᠭᠤᠤ᠎ᠪᠠᠨ ᠳᠠᠭᠤᠯᠠᠨ᠎ᠠ᠃

ᠨᠠᠭᠤᠷ᠎ᠤᠨ ᠬᠥᠪᠡᠭᠡᠨ᠎ᠳᠦ ᠣᠢᠷᠠᠲᠤᠬᠤ ᠲᠤᠲᠤᠮ ᠲᠡᠭᠦᠨ᠎ᠦ ᠥᠩᠭᠡ ᠤᠯᠠᠮ ᠬᠤᠪᠢᠷᠠᠵᠤ ᠴᠠᠭᠠᠨ᠎ᠠᠴᠠ᠎ᠪᠠᠨ ᠴᠡᠩᠬᠡᠷ ᠪᠣᠯᠵᠤ᠂ ᠴᠡᠩᠬᠡᠷ᠎ᠡᠴᠡ᠎ᠪᠡᠨ ᠬᠥᠬᠡ᠂ ᠬᠥᠬᠡ᠎ᠡᠴᠡ᠎ᠪᠡᠨ ᠬᠠᠷ᠎ᠠ ᠬᠥᠬᠡ ᠪᠣᠯᠵᠤ᠂ ᠠᠯᠲᠠᠨ ᠮᠥᠩᠭᠦᠨ ᠵᠢᠭᠠᠰᠤ ᠬᠥᠪᠴᠦ ᠪᠠᠢᠬᠤ ᠮᠡᠲᠦ ᠭᠢᠯᠲᠦᠭᠡᠨᠡᠨ ᠳᠠᠪᠠᠯᠭᠠᠯᠠᠨ᠎ᠠ᠃

ᠨᠠᠷᠠᠨ ᠪᠠᠷᠠᠭᠤᠨ᠎ᠠ ᠬᠡᠯᠪᠡᠢᠬᠦ᠎ᠶᠢᠨ ᠦᠶ᠎ᠡ᠎ᠳᠦ ᠰᠦᠷᠦᠭ ᠰᠦᠷᠦᠭ ᠬᠣᠨᠢ ᠢᠮᠠᠭ᠎ᠠ ᠬᠣᠲᠠ ᠤᠷᠤᠭᠤ᠎ᠪᠠᠨ ᠬᠠᠨᠳᠤᠭᠰᠠᠨ ᠪᠠᠢᠲᠠᠯ᠎ᠠ ᠪᠠᠰᠠ ᠬᠡᠳᠦ ᠬᠡᠳᠦᠨ ᠰᠦᠷᠦᠭ ᠬᠣᠨᠢ ᠨᠠᠭᠤᠷ᠎ᠤᠨ ᠬᠥᠪᠡᠭᠡ ᠳᠠᠭᠠᠵᠤ ᠰᠦᠷᠦᠭᠯᠡᠨ ᠶᠠᠪᠤᠭᠰᠠᠭᠠᠷ ᠤᠯᠠᠮ ᠤᠯᠠᠮ ᠴᠢᠨᠠᠭᠰᠢᠯᠠᠵᠤ ᠰᠡᠭᠦᠯ᠎ᠳᠡᠭᠡᠨ ᠪᠦᠷ ᠨᠠᠭᠤᠷ᠎ᠤᠨ ᠭᠣᠣᠯ ᠤᠷᠤᠭᠤ ᠣᠷᠤᠵᠤ ᠬᠥᠪᠦᠨ ᠣᠳᠬᠤ᠎ᠳᠤ ᠪᠢ ᠰᠠᠶᠢ ᠲᠡᠭᠦᠨ᠎ᠢ ᠬᠤᠨ ᠭᠠᠯᠠᠭᠤ᠎ᠶᠢᠨ ᠰᠦᠷᠦᠭ ᠭᠡᠵᠦ ᠮᠡᠳᠡᠯ᠎ᠡ᠃ ᠣᠷᠳᠤᠰ᠎ᠤᠨ ᠮᠠᠯᠴᠢᠳ ᠬᠤᠨ ᠭᠠᠯᠠᠭᠤ᠎ᠶᠢ ᠬᠠᠪᠤᠷ᠎ᠢ ᠤᠷᠢᠭᠰᠠᠨ ᠵᠢᠷᠭᠠᠯᠲᠤ ᠰᠢᠪᠠᠭᠤ ᠭᠡᠵᠦ ᠬᠠᠢᠷᠠᠯᠠᠳᠠᠭ ᠪᠣᠯᠬᠣᠷ ᠬᠠᠷᠪᠤᠵᠤ ᠨᠠᠮᠨᠠᠵᠤ ᠠᠯᠠᠵᠤ ᠨᠢᠲᠤᠯᠬᠤ᠎ᠦᠭᠡᠢ᠂ ᠬᠤᠨ ᠭᠠᠯᠠᠭᠤ᠎ᠴᠤ ᠬᠥᠮᠦᠨ ᠪᠤᠶᠤ ᠮᠠᠯ᠎ᠠᠴᠠ ᠠᠶᠤᠳᠠᠭ᠎ᠦᠭᠡᠢ ᠠᠵᠢ᠃

ᠨᠠᠭᠤᠷ᠎ᠤᠨ ᠤᠰᠤ ᠰᠢᠨ᠎ᠡ ᠪᠡᠷᠢ᠎ᠶᠢᠨ ᠨᠢᠭᠤᠷ᠎ᠤᠨ ᠲᠣᠯᠢ ᠮᠡᠲᠦ ᠲᠤᠩᠭᠠᠯᠠᠭ᠂ ᠢᠷᠤᠭᠠᠷ᠎ᠲᠤᠨᠢ ᠪᠠᠢᠬᠤ ᠵᠢᠭᠠᠰᠤ ᠵᠢᠷᠠᠭᠠᠬᠠᠢ ᠴᠥᠮ ᠢᠷᠠᠯᠵᠠᠨ ᠦᠵᠡᠭᠳᠡᠨ᠎ᠡ᠃ ᠨᠠᠭᠤᠷ᠎ᠤᠨ ᠬᠥᠪᠡᠭᠡ᠎ᠪᠡᠷ ᠠᠯᠭᠤᠷᠬᠠᠨ ᠶᠠᠪᠤᠬᠤ᠎ᠳᠤ ᠰᠡᠳᠭᠢᠯ ᠳᠣᠲᠤᠷ᠎ᠠ ᠲᠤᠢᠯ᠎ᠤᠨ ᠰᠠᠷᠠᠭᠤᠯ ᠲᠡᠨᠢᠭᠦᠬᠡᠨ ᠰᠠᠨᠠᠭᠳᠠᠵᠤ᠂ ᠬᠤᠨ ᠭᠠᠯᠠᠭᠤ᠎ᠶᠢᠨ ᠳᠠᠭᠤᠨ᠂ ᠬᠣᠯᠠᠳᠤᠨ ᠣᠳᠬᠤ ᠮᠠᠯᠴᠢᠨ ᠪᠦᠰᠡᠭᠦᠢ᠎ᠶᠢᠨ ᠳᠠᠭᠤᠨ᠎ᠯᠤᠭ᠎ᠠ ᠬᠣᠣᠰᠯᠠᠯᠳᠤᠨ ᠬᠥᠮᠦᠰ᠎ᠲᠦ ᠤᠯᠠᠮ ᠨᠠᠮ ᠰᠡᠯᠡᠭᠦᠨ ᠠᠮᠤᠷ ᠲᠦᠪᠰᠢᠨ ᠰᠡᠳᠭᠢᠯᠭᠡ ᠲᠥᠷᠦᠭᠳᠡᠭᠦᠯᠦᠨ᠎ᠡ᠃ ᠣᠷᠤᠢ᠎ᠳᠠᠭᠠᠨ ᠡᠭᠦᠯᠡ ᠭᠣᠭᠴᠤᠭᠠᠯᠠᠭᠰᠠᠨ ᠡᠷᠬᠡᠲᠦ ᠬᠠᠢᠷᠬᠠᠨ᠎ᠤ ᠰᠡᠭᠦᠳᠡᠷ ᠨᠠᠭᠤᠷ᠎ᠤᠨ ᠤᠰᠤᠨ᠎ᠳᠤ ᠲᠤᠰᠴᠤ᠂ ᠮᠥᠩᠭᠦᠨ ᠳᠤᠭᠤᠯᠠᠭ᠎ᠠ ᠡᠮᠦᠰᠦᠭᠰᠡᠨ ᠵᠠᠩᠵᠤᠨ ᠰᠦᠪᠡᠭᠡ ᠳᠠᠷᠤᠨ ᠵᠣᠭᠰᠤᠭᠰᠠᠨ᠎ᠰᠢᠭ᠋ ᠰᠦᠷᠯᠢᠭ ᠬᠠᠷᠠᠭᠳᠠᠨ᠎ᠠ᠃ ᠡᠨᠡ ᠬᠢᠷᠢ᠎ᠳᠦ ᠬᠡᠨ᠎ᠴᠦ ᠪᠠᠷᠤᠭ ᠥᠯᠦᠰᠴᠦ ᠶᠠᠳᠠᠷᠠᠭᠰᠠᠨ᠎ᠢᠶᠠᠨ ᠮᠠᠷᠲᠠᠨ ᠪᠠᠢᠭᠠᠯᠢ᠎ᠶᠢᠨ ᠭᠠᠢᠬᠠᠮᠰᠢᠭ᠎ᠲᠤ ᠰᠢᠨᠤᠬᠠᠢᠷᠠᠨ᠎ᠠ᠃ ᠭᠡᠪᠡᠴᠦ ᠬᠥᠯᠦᠷᠡᠭᠰᠡᠨ ᠲᠡᠮᠡᠭᠡ ᠬᠦᠵᠦᠭᠦᠦ᠎ᠪᠡᠨ ᠰᠤᠩᠭᠠᠨ ᠵᠥᠭᠡᠯᠡᠨ ᠭᠠᠵᠠᠷ᠎ᠢ ᠨᠡᠮᠡᠯᠵᠡᠲᠡᠯ᠎ᠡ ᠭᠢᠰᠭᠢᠵᠦ ᠤᠯᠠᠮ ᠲᠦᠷᠭᠡᠯᠡᠪᠡ᠃

ᠠᠯᠲᠠᠨ ᠨᠠᠷᠠᠨ ᠠᠯᠤᠰ᠎ᠤᠨ ᠲᠣᠯᠤᠭᠠᠢ᠎ᠳᠤ ᠰᠢᠷᠭᠤᠬᠤ ᠦᠶ᠎ᠡ᠎ᠪᠡᠷ ᠪᠢᠳᠡ ᠡᠷᠬᠡᠲᠦ᠎ᠶᠢᠨ ᠬᠥᠲᠦᠯ᠎ᠢ ᠳᠠᠪᠠᠪᠠ᠃ ᠴᠢᠨᠳᠠᠭᠠᠨ ᠴᠠᠭᠠᠨ ᠡᠭᠦᠯᠡᠰ ᠴᠢᠰ ᠤᠯᠠᠭᠠᠨ ᠪᠣᠯᠵᠤ ᠬᠥᠪᠡᠭᠡ᠎ᠪᠡᠷ᠎ᠨᠢ ᠠᠯᠲᠠ᠎ᠪᠠᠷ ᠰᠢᠷᠳᠡᠭᠰᠡᠨ ᠮᠡᠲᠦ ᠰᠢᠷᠠᠯᠠᠨ ᠭᠡᠷᠡᠯᠲᠦᠵᠦ᠂ ᠨᠠᠭᠤᠷ᠎ᠤᠨ ᠤᠰᠤᠨ᠎ᠳᠤ ᠲᠤᠰᠴᠠᠢ᠃ ᠡᠨᠡ ᠵᠠᠭᠤᠷ᠎ᠠ ᠥᠨᠳᠦᠷ ᠠᠭᠤᠯᠠ᠎ᠶᠢᠨ ᠣᠷᠤᠢ ᠳᠡᠭᠡᠷ᠎ᠡ᠎ᠡᠴᠡ ᠡᠷᠭᠢᠨ ᠪᠠᠷᠠᠯᠠᠪᠠᠯ: ᠲᠡᠷᠭᠡᠯ ᠰᠠᠷᠠᠨ ᠮᠡᠲᠦ ᠲᠦᠭᠦᠷᠢᠭ ᠤᠨᠠᠭᠠᠨ ᠪᠦᠷᠢᠳᠦ ᠥᠪᠴᠢ᠎ᠪᠡᠷ᠎ᠢᠶᠡᠨ ᠭᠠᠯ᠎ᠳᠤ ᠤᠯᠠᠢᠵᠤ ᠲᠡᠭᠦᠨ᠎ᠢ ᠬᠦᠷᠢᠶᠡᠯᠡᠭᠰᠡᠨ ᠨᠣᠭᠤᠭᠠᠨ ᠲᠠᠯ᠎ᠠ᠂ ᠲᠠᠯ᠎ᠠ᠎ᠶᠢ ᠲᠣᠭᠤᠷᠢᠭᠰᠠᠨ ᠬᠥᠬᠡ ᠰᠢᠭᠤᠢ᠂ ᠰᠢᠭᠤᠢ᠎ᠶᠢᠨ ᠭᠠᠳᠠᠨᠠᠬᠢ ᠡᠯᠡᠰᠦᠨ ᠳᠠᠯᠠᠢ ᠲᠤᠰ ᠲᠤᠰ᠎ᠢᠶᠠᠷ ᠥᠩᠭᠡ ᠢᠯᠭᠠᠷᠠᠨ᠂ ᠵᠠᠬ᠎ᠠ ᠬᠢᠵᠠᠭᠠᠷ᠎ᠦᠭᠡᠢ ᠶᠡᠬᠡ ᠵᠠᠰᠠᠷ ᠴᠡᠮᠪᠡᠨ ᠳᠡᠭᠡᠷ᠎ᠡ ᠬᠥᠮᠦᠷᠢᠭᠰᠡᠨ ᠲᠣᠮᠤ ᠠᠯᠲᠠᠨ ᠲᠠᠪᠠᠭ᠎ᠠᠴᠠ ᠲᠠᠪᠤᠨ ᠥᠩᠭᠡ᠎ᠶᠢᠨ ᠭᠡᠷᠡᠯ ᠰᠠᠴᠤᠷᠠᠵᠤ ᠪᠠᠢᠬᠤ ᠮᠡᠲᠦ ᠬᠠᠷᠠᠭᠳᠠᠨ᠎ᠠ᠃

ᠡᠨᠡ ᠰᠠᠢᠬᠠᠨ ᠪᠠᠢᠭᠠᠯᠢ᠎ᠶᠢᠨ ᠭᠠᠢᠬᠠᠮᠰᠢᠭ᠎ᠢ ᠪᠠᠬᠠᠷᠬᠠᠨ ᠵᠣᠭᠰᠤᠬᠤ᠎ᠳᠤ ᠶᠠᠳᠠᠷᠠᠯ ᠵᠦᠳᠡᠷᠡᠯ᠎ᠢ ᠴᠥᠮ ᠲᠠᠢᠳᠭᠤᠷᠠᠭᠤᠯᠵᠤ᠂ ᠴᠡᠭᠡᠵᠢ ᠰᠠᠷᠠᠭᠤᠯ ᠰᠡᠳᠭᠢᠯ ᠠᠭᠤᠳᠠᠮ ᠪᠣᠯᠬᠤ᠎ᠠᠴᠠ ᠭᠠᠳᠠᠨ᠎ᠠ ᠡᠬᠡ ᠣᠷᠤᠨ᠎ᠤ ᠬᠣᠲᠠᠯᠠ ᠲᠡᠭᠦᠯᠳᠡᠷ ᠤᠮᠠᠷᠠᠳᠤ ᠣᠷᠤᠨ᠎ᠳᠤ ᠬᠢᠵᠠᠭᠠᠷ᠎ᠦᠭᠡᠢ ᠬᠠᠢᠷ᠎ᠠ ᠪᠠᠬ᠎ᠠ ᠲᠥᠷᠦᠭᠳᠡᠨ᠎ᠡ!

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082