ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠬᠣᠶᠠᠷ ᠨᠠᠢᠷᠠᠭᠤᠯᠤᠯ

ᠵᠦ ᠽᠢ ᠴᠢᠩ

ᠯᠢᠩᠬᠤᠸᠠᠲᠤ ᠨᠠᠭᠤᠷ᠎ᠤᠨ ᠰᠠᠷᠠᠨ᠎ᠤ ᠲᠤᠶᠠᠭ᠎ᠠ

ᠣᠢᠷ᠎ᠠ᠎ᠶᠢᠨ ᠡᠳᠦᠷ᠎ᠦᠳ᠎ᠲᠦ ᠰᠠᠨᠠᠭ᠎ᠠ ᠰᠡᠳᠭᠢᠯ᠎ᠮᠢᠨᠢ ᠲᠤᠩ ᠲᠠᠢᠪᠤᠭᠤᠨ ᠪᠤᠰᠤ ᠪᠠᠢᠪᠠ᠃ ᠡᠨᠡ ᠣᠷᠤᠢ ᠬᠦᠷᠢᠶᠡᠨ ᠳᠤᠮᠳᠠ ᠰᠠᠭᠤᠵᠤ ᠰᠡᠷᠢᠭᠦᠴᠡᠨ ᠪᠠᠢᠭᠠᠳ ᠭᠡᠨᠡᠳᠲᠡ ᠡᠳᠦᠷ ᠪᠦᠷᠢ ᠥᠭᠰᠦᠨ ᠤᠷᠤᠭᠤᠳᠠᠳᠠᠭ ᠯᠢᠩᠬᠤᠸᠠᠲᠤ ᠨᠠᠭᠤᠷ ᠰᠠᠨᠠᠭᠠᠨ᠎ᠳᠤ᠎ᠮᠢᠨᠢ ᠣᠷᠤᠵᠤ᠂ ᠲᠦᠭᠦᠷᠢᠭ ᠰᠠᠷᠠᠨ ᠲᠤᠶᠠᠭᠠᠨ᠎ᠳᠤ ᠵᠠᠪᠠᠯ ᠥᠭᠡᠷ᠎ᠡ ᠨᠢᠭᠡᠨ ᠦᠵᠡᠮᠵᠢ ᠪᠠᠢᠳᠠᠯ᠎ᠲᠠᠢ ᠪᠠᠢᠬᠤ ᠡ ᠭᠡᠵᠦ ᠪᠣᠳᠤᠪᠠ᠃ ᠰᠠᠷᠠᠨ ᠠᠯᠭᠤᠷ᠎ᠢᠶᠠᠷ ᠮᠠᠨᠳᠤᠯ᠎ᠠ᠃ ᠬᠡᠷᠡᠮ᠎ᠦᠨ ᠭᠠᠳᠠᠨᠠᠬᠢ ᠵᠠᠰᠠᠮᠠᠯ ᠵᠠᠮ ᠳᠡᠭᠡᠷ᠎ᠡ ᠬᠡᠦᠬᠡᠳ᠎ᠦᠳ᠎ᠦᠨ ᠬᠥᠭᠡᠷᠦᠯᠳᠦᠨ ᠢᠨᠢᠶᠡᠬᠦ ᠳᠠᠭᠤᠨ ᠨᠢᠭᠡᠨᠲᠡ ᠬᠤᠷᠢᠶᠠᠭᠳᠠᠯ᠎ᠠ᠃ ᠡᠬᠡᠨᠡᠷ ᠮᠠᠨᠢ ᠭᠡᠷ᠎ᠲᠡᠭᠡᠨ ᠬᠦᠦ᠎ᠪᠡᠨ ᠲᠠᠪᠰᠢᠵᠤ᠂ ᠪᠦᠪᠡᠢ᠎ᠶᠢᠨ ᠳᠠᠭᠤᠤ ᠭᠢᠩᠰᠢᠵᠦ ᠵᠡᠭᠦᠷᠮᠡᠭᠯᠡᠨ᠎ᠡ᠃ ᠪᠢ ᠰᠡᠮᠬᠡᠨ ᠴᠠᠮᠴᠠ᠎ᠪᠠᠨ ᠡᠮᠦᠰᠴᠦ ᠬᠠᠭᠠᠯᠭ᠎ᠠ᠎ᠪᠠᠨ ᠬᠠᠭᠠᠨ ᠭᠠᠷᠴᠤ ᠣᠳᠪᠠ᠃

ᠯᠢᠩᠬᠤᠸᠠᠲᠤ ᠨᠠᠭᠤᠷ᠎ᠤᠨ ᠬᠥᠪᠡᠭᠡ ᠳᠠᠭᠠᠤ ᠨᠡᠭᠦᠷᠡᠰᠦᠨ ᠬᠣᠭ ᠳᠡᠪᠢᠰᠦᠭᠰᠡᠨ ᠮᠤᠷᠤᠢ ᠰᠠᠷᠤᠢ ᠨᠠᠷᠢᠨ ᠵᠠᠮ ᠪᠠᠢᠳᠠᠭ᠃ ᠡᠨᠡ ᠪᠣᠯ ᠪᠣᠢᠳᠠ ᠰᠡᠯᠡᠭᠦᠨ ᠵᠠᠮ᠎ᠶᠤᠮ᠃ ᠡᠳᠦᠷ᠎ᠴᠦ ᠭᠡᠰᠡᠨ ᠬᠥᠮᠦᠨ ᠬᠠᠷ᠎ᠠ ᠮᠠᠰᠢ ᠴᠥᠭᠡᠨ ᠶᠠᠪᠤᠳᠠᠭ ᠣᠷᠤᠢ ᠦᠳᠡᠰᠢ ᠨᠡᠩ᠎ᠴᠦ ᠨᠠᠮ ᠬᠦᠮ᠃ ᠯᠢᠩᠬᠤᠸᠠᠲᠤ ᠨᠠᠭᠤᠷ᠎ᠤᠨ ᠲᠣᠭᠤᠷᠢᠨ᠎ᠳᠤ ᠰᠠᠬᠤᠯᠠᠭ ᠤᠷᠭᠤᠭᠰᠠᠨ ᠣᠢ ᠮᠣᠳᠤ ᠯᠦᠭᠯᠦᠢᠨ ᠰᠦᠭᠯᠡᠢᠵᠡᠢ᠃ ᠵᠠᠮ᠎ᠤᠨ ᠨᠢᠭᠡ ᠲᠠᠯ᠎ᠠ᠎ᠪᠠᠷ ᠤᠷᠭᠤᠭᠰᠠᠨ᠎ᠨᠢ ᠤᠳᠠ ᠤᠯᠢᠶᠠᠰᠤ ᠪᠣᠯᠤᠨ ᠬᠡᠰᠡᠭ ᠨᠡᠷ᠎ᠡ᠎ᠶᠢ᠎ᠨᠢ ᠮᠡᠳᠡᠬᠦ᠎ᠦᠭᠡᠢ ᠮᠣᠳᠤᠳ ᠪᠠᠢᠪᠠ᠃ ᠡᠨᠡ ᠵᠠᠮ ᠰᠠᠷᠠ᠎ᠦᠭᠡᠢ ᠰᠥᠨᠢ ᠪᠣᠯ ᠪᠥᠷᠲᠦᠢᠨ ᠬᠠᠩᠬᠠᠢᠷᠠᠵᠤ ᠠᠢᠳᠠᠰ ᠬᠦᠷᠦᠮᠡᠷ᠎ᠶᠦᠮ᠃ ᠰᠠᠷᠠᠨ᠎ᠤ ᠲᠤᠶᠠᠭ᠎ᠠ ᠭᠡᠢᠪᠡᠩᠷᠡᠨ ᠰᠠᠴᠤᠷᠠᠵᠤ ᠪᠠᠢᠪᠠᠴᠤ ᠡᠨᠡ ᠣᠷᠤᠢ ᠬᠠᠷᠢᠨ ᠮᠠᠰᠢ ᠰᠠᠢᠬᠠᠨ᠃

ᠵᠠᠮ᠎ᠢᠶᠠᠷ ᠪᠢ ᠭᠠᠭᠴᠠᠭᠠᠷ᠎ᠢᠶᠠᠨ ᠨᠢᠷᠤᠭᠤ ᠡᠭᠦᠷᠴᠦ ᠰᠡᠯᠡᠭᠦᠴᠡᠨ᠎ᠡ᠃ ᠡᠨᠡ ᠬᠡᠰᠡᠭ ᠭᠠᠵᠠᠷ ᠡᠭᠡᠭᠡ᠎ᠯᠡ ᠭᠠᠭᠴᠠ ᠮᠢᠨᠦᠬᠢ᠎ᠰᠢᠭ᠎ᠯᠡ ᠪᠠᠢᠯ᠎ᠠ᠃ ᠮᠢᠨᠦ ᠪᠡᠶ᠎ᠡ᠎ᠴᠦ ᠬᠡᠪ ᠶᠡᠷᠦᠮᠳᠡᠭ᠎ᠦᠨ ᠪᠠᠢᠳᠠᠯ᠎ᠢᠶᠠᠨ ᠠᠯᠳᠠᠵᠤ᠂ ᠥᠭᠡᠷ᠎ᠡ ᠨᠢᠭᠡ ᠶᠢᠷᠲᠢᠨᠴᠦ᠎ᠳᠦ ᠣᠷᠤᠭᠰᠠᠨ ᠮᠡᠲᠦ᠃ ᠪᠢ ᠬᠥᠷ ᠨᠠᠷᠭᠢᠶᠠᠨ᠎ᠳᠤ ᠳᠤᠷᠠᠲᠠᠢ ᠮᠥᠷᠲᠡᠭᠡᠨ ᠪᠠᠰᠠ ᠨᠠᠮ ᠰᠡᠯᠡᠭᠦᠦ᠎ᠳᠦ ᠳᠤᠷᠠᠲᠠᠢ᠃ ᠬᠥᠮᠦᠰ᠎ᠲᠡᠢ ᠬᠠᠮᠲᠤ ᠰᠠᠭᠤᠯᠴᠠᠬᠤ ᠳᠤᠷᠠᠲᠠᠢ ᠮᠥᠷᠲᠡᠭᠡᠨ ᠪᠠᠰᠠ ᠭᠠᠭᠴᠠᠭᠠᠷ ᠪᠠᠢᠬᠤ᠎ᠴᠤ ᠳᠤᠷᠠᠲᠠᠢ᠂ ᠥᠨᠥ ᠣᠷᠤᠢ᠎ᠶᠢᠨ᠎ᠰᠢᠭ᠋᠂ ᠪᠥᠷᠲᠦᠭᠡᠨᠡᠭᠰᠡᠨ ᠰᠠᠷᠠᠨ᠎ᠤ ᠭᠡᠷᠡᠯ᠎ᠳᠦ ᠭᠠᠭᠴᠠᠭᠠᠷ᠎ᠢᠶᠠᠨ ᠰᠠᠭᠠᠲᠠᠵᠤ᠂ ᠶᠠᠭᠤ᠎ᠴᠤ ᠪᠦᠷ ᠪᠣᠳᠤᠵᠤ ᠪᠣᠯᠬᠤ ᠪᠥᠭᠡᠳ ᠶᠠᠭᠤ᠎ᠶᠢ᠎ᠴᠤ ᠪᠦᠷ ᠪᠣᠳᠤᠬᠤ᠎ᠦᠭᠡᠢ ᠪᠠᠢᠵᠤ ᠪᠠᠰᠠ ᠪᠣᠯᠬᠤ ᠲᠤᠯᠠ ᠶᠣᠰᠤᠲᠠᠢ ᠨᠢᠭᠡ ᠴᠢᠯᠦᠭᠡᠲᠦ ᠬᠥᠮᠦᠨ ᠪᠣᠯᠵᠠᠢ᠃ ᠡᠳᠦᠷ ᠵᠠᠪᠠᠯ ᠭᠦᠢᠴᠡᠳᠭᠡᠬᠦ ᠴᠢᠬᠤᠯᠠ᠎ᠲᠠᠢ ᠬᠡᠷᠡᠭ ᠤᠴᠢᠷ᠂ ᠵᠠᠪᠠᠯ ᠶᠠᠷᠢᠬᠤ ᠴᠢᠬᠤᠯᠠ᠎ᠲᠠᠢ ᠦᠭᠡ᠎ᠶᠢ ᠣᠳᠣ ᠪᠦᠷ ᠬᠠᠢᠬᠤᠷᠬᠤ᠎ᠦᠭᠡᠢ ᠪᠠᠢᠵᠤ ᠪᠣᠯᠤᠨ᠎ᠠ᠃ ᠡᠨᠡ ᠪᠣᠯ ᠭᠠᠭᠴᠠᠭᠠᠷ᠎ᠢᠶᠠᠨ ᠪᠠᠢᠬᠤ᠎ᠶᠢᠨ ᠬᠠᠪᠤᠲᠠᠢ ᠭᠠᠵᠠᠷ ᠮᠥᠨ᠃ ᠪᠢ ᠯᠢᠩᠬᠤ᠎ᠠ ᠠᠩᠬᠢᠯᠵᠤ ᠰᠠᠷᠠᠨ ᠲᠤᠶᠠᠭᠠᠷᠠᠭᠰᠠᠨ ᠠᠭᠤᠳᠠᠮ ᠭᠠᠵᠠᠷ᠎ᠢ ᠰᠣᠨᠢᠷᠬᠠᠵᠤ᠎ᠯᠠ ᠰᠠᠭᠤᠶ᠎ᠠ᠃

ᠮᠤᠷᠤᠯᠵᠠᠨ ᠳᠤᠭᠤᠢᠷᠠᠭᠰᠠᠨ ᠯᠢᠩᠬᠤᠸᠠᠲᠤ ᠨᠠᠭᠤᠷ᠎ᠤᠨ ᠢᠯᠲᠠᠭᠠᠨᠠᠨ ᠭᠣᠷᠤᠢᠭᠰᠠᠨ ᠨᠠᠪᠴᠢᠰ ᠨᠢᠳᠦ ᠳᠦᠭᠦᠷᠡᠩ ᠬᠠᠷᠠᠭᠳᠠᠵᠤ᠂ ᠨᠠᠪᠴᠢᠰ ᠤᠰᠤᠨ᠎ᠠᠴᠠ ᠬᠣᠯᠠ ᠳᠡᠭᠡᠭᠰᠢ ᠭᠠᠷᠴᠤ᠂ ᠳᠡᠩᠬᠡᠢᠨ ᠵᠣᠭᠰᠤᠵᠤ ᠪᠥᠵᠢᠭᠴᠢᠨ ᠪᠦᠰᠡᠭᠦᠢ᠎ᠶᠢᠨ ᠪᠠᠩᠵᠠᠯ ᠮᠡᠲᠦ ᠬᠠᠷᠠᠭᠳᠠᠨ᠎ᠠ᠃ ᠳᠡᠭᠲᠡᠷᠯᠡᠭᠰᠡᠨ ᠨᠠᠪᠴᠢᠰ᠎ᠤᠨ ᠬᠣᠭᠤᠷᠤᠨᠳᠤᠬᠢ ᠵᠠᠢ᠎ᠶᠢ ᠴᠠᠭᠠᠨ ᠴᠡᠴᠡᠭ᠎ᠦᠳ᠎ᠢᠶᠡᠷ ᠴᠢᠮᠡᠵᠦ᠂ ᠲᠡᠳᠡᠭᠡᠷ ᠴᠡᠴᠡᠭ᠎ᠦᠳ᠎ᠦᠨ ᠵᠠᠷᠢᠮ᠎ᠨᠢ ᠮᠣᠰᠭᠢᠯᠵᠠᠨ ᠮᠢᠷᠠᠯᠵᠠᠩᠬᠠᠨ ᠳᠡᠯᠭᠡᠷᠡᠵᠦ᠂ ᠵᠠᠷᠢᠮ᠎ᠨᠢ ᠢᠰᠪᠡᠯᠵᠡᠨ ᠮᠡᠭᠡᠢᠷᠡᠨ ᠴᠣᠮᠣᠷᠯᠢᠭ᠎ᠢᠶᠠᠨ ᠰᠡᠬᠦᠵᠦ᠂ ᠮᠦᠬᠦᠯᠢᠭ ᠠᠮᠢᠳᠤ ᠰᠤᠪᠤᠳ᠎ᠴᠤ᠎ᠰᠢᠭ᠋᠂ ᠨᠣᠮᠢᠨ ᠣᠭᠲᠠᠷᠭᠤᠢ᠎ᠳᠠᠬᠢ ᠣᠳᠤᠨ ᠮᠡᠴᠢᠳ᠎ᠴᠦ᠎ᠰᠢᠭ ᠬᠠᠷᠠᠭᠳᠠᠨ᠎ᠠ᠃ ᠬᠣᠩᠭᠤᠷ ᠰᠠᠯᠬᠢᠨ ᠰᠡᠩᠭᠢᠨᠡᠨ ᠥᠩᠭᠡᠷᠡᠬᠦᠶ᠎ᠡ ᠠᠩᠬᠢᠯᠤᠮᠠᠯ ᠦᠨᠦᠷ᠎ᠢ ᠠᠪᠴᠢᠷᠠᠬᠤ᠎ᠨᠢ ᠠᠯᠤᠰ ᠲᠡᠷᠲᠡᠭᠡ᠎ᠶᠢᠨ ᠠᠰᠠᠷ᠎ᠤᠨ ᠰᠢᠪᠡᠨᠡᠩᠬᠡᠨ ᠳᠠᠭᠤᠷᠢᠰᠬᠤ ᠳᠠᠭᠤᠤ᠎ᠶᠢᠨ ᠠᠶᠠᠰ ᠮᠡᠲᠦ᠃ ᠡᠨᠡ ᠦᠶᠡᠰ ᠨᠠᠪᠴᠢ ᠴᠡᠴᠡᠭ᠎ᠦᠳ ᠦᠯᠦ ᠮᠡᠳᠡᠭ ᠨᠠᠬᠢᠰ ᠨᠤᠬᠤᠰ ᠭᠡᠵᠡᠭᠡᠵᠦ᠂ ᠨᠢᠳᠦ ᠢᠷᠮᠡᠬᠦ᠎ᠶᠢᠨ ᠵᠠᠭᠤᠷ᠎ᠠ ᠬᠣᠩᠭᠤᠷ ᠰᠠᠯᠬᠢᠨ᠎ᠢ ᠯᠢᠩᠬᠤᠸᠠᠲᠤ ᠨᠠᠭᠤᠷ᠎ᠤᠨ ᠲᠡᠷᠲᠡᠭᠡ ᠳᠠᠮᠵᠢᠭᠤᠯᠴᠢᠬᠠᠯ᠎ᠠ᠃ ᠡᠩ ᠴᠢᠴᠠᠤᠷᠠᠨ ᠢᠭᠴᠢ ᠤᠷᠭᠤᠭᠰᠠᠨ ᠨᠠᠪᠴᠢᠰ ᠡᠨᠡ ᠬᠢᠷᠢ ᠬᠠᠷᠠᠬᠠᠨ ᠨᠣᠮᠢᠨ ᠬᠥᠬᠡ ᠳᠠᠪᠠᠯᠭᠠᠨ ᠪᠣᠰᠤᠭᠰᠠᠨ᠎ᠰᠢᠭ᠋ ᠪᠠᠢᠪᠠ᠃ ᠨᠠᠪᠴᠢᠰ᠎ᠤᠨ ᠳᠣᠭᠤᠤᠷ ᠠᠷᠯᠠᠨ ᠮᠡᠯᠮᠡᠭᠡᠨᠡᠭᠰᠡᠨ ᠤᠰᠤ ᠬᠠᠯᠬᠠᠯᠠᠭᠳᠠᠵᠤ ᠪᠠᠢᠭ᠎ᠠ ᠪᠣᠯᠬᠣᠷ ᠥᠩᠭᠡ᠎ᠨᠢ ᠲᠣᠳᠤ ᠬᠠᠷᠠᠭᠳᠠᠬᠤ᠎ᠦᠭᠡᠢ᠂ ᠭᠡᠪᠡᠴᠦ ᠨᠠᠪᠴᠢᠰ ᠤᠯᠠᠮ ᠭᠤᠤ᠎ᠠ ᠬᠡᠭᠡᠨᠴᠢᠷ ᠠᠵᠢ᠃

ᠰᠠᠷᠠᠨ᠎ᠤ ᠲᠤᠶᠠᠭ᠎ᠠ ᠤᠷᠤᠰᠭᠠᠯ ᠮᠡᠲᠦ᠂ ᠥᠨᠥ ᠢᠯᠲᠠᠭᠠᠨᠠᠨ ᠦᠷᠭᠦᠯᠵᠢᠯᠡᠭᠰᠡᠨ ᠨᠠᠪᠴᠢ ᠴᠡᠴᠡᠭ ᠳᠡᠭᠡᠷ᠎ᠡ ᠨᠠᠮ ᠵᠢᠮᠬᠡᠨ ᠲᠤᠰᠴᠠᠢ᠃ ᠯᠢᠩᠬᠤᠸᠠᠲᠤ ᠨᠠᠭᠤᠷ ᠳᠡᠭᠡᠭᠦᠷ ᠰᠢᠩᠭᠡᠨ ᠴᠡᠩᠬᠡᠷ ᠮᠠᠨᠠᠨ ᠲᠠᠲᠠᠯ᠎ᠠ᠃ ᠨᠠᠪᠴᠢ ᠪᠣᠯᠤᠨ ᠴᠡᠴᠡᠭ ᠡᠭᠡᠭᠡ᠎ᠯᠡ ᠦᠨᠢᠶᠡᠨ ᠰᠦ᠋᠎ᠪᠡᠷ ᠤᠭᠢᠶᠠᠭᠰᠠᠨ ᠮᠡᠲᠦ ᠪᠥᠭᠡᠳ ᠪᠠᠰᠠ ᠶᠠᠭ᠎ᠯᠠ ᠨᠢᠮᠭᠡᠨ ᠱᠠ᠎ᠳᠤ ᠪᠦᠷᠬᠦᠭᠳᠡᠭᠰᠡᠨ ᠵᠡᠭᠦᠳᠦ ᠠᠳᠠᠯᠢ᠃ ᠰᠠᠷᠠᠨ ᠲᠦᠭᠦᠷᠢᠭ ᠪᠣᠯᠪᠠᠴᠤ ᠨᠢᠮᠭᠡᠨ ᠫᠠᠩᠰᠠᠨ ᠡᠭᠦᠯᠡᠨ ᠣᠭᠲᠠᠷᠭᠤᠢ᠎ᠳᠤ ᠬᠥᠪᠪᠦᠭᠰᠡᠨ ᠲᠤᠯᠠ ᠣᠨᠴᠠ᠎ᠶᠢᠨ ᠰᠠᠷᠠᠭᠤᠯᠬᠠᠨ ᠪᠢᠰᠢ ᠪᠠᠢᠪᠠ᠃ ᠡᠨᠡ᠎ᠨᠢ ᠨᠠᠳᠠ ᠠᠰᠢᠲᠠᠢ ᠰᠠᠢᠬᠠᠨ ᠭᠠᠵᠠᠷ᠎ᠲᠤ ᠢᠷᠡᠭᠰᠡᠨ᠎ᠰᠢᠭ ᠰᠠᠨᠠᠭᠳᠠᠨ᠎ᠠ᠃ ᠠᠮᠲᠠᠲᠤ ᠨᠣᠢᠷ ᠳᠤᠲᠠᠭᠳᠠᠵᠤ ᠪᠣᠯᠬᠤ᠎ᠦᠭᠡᠢ ᠪᠣᠯᠪᠠᠴᠤ ᠭᠱᠠᠨ ᠵᠠᠭᠤᠷ᠎ᠠ ᠵᠡᠭᠦᠷᠮᠡᠭᠯᠡᠭᠡᠳ ᠠᠪᠬᠤ᠎ᠨᠢ ᠪᠠᠰᠠ᠎ᠴᠤ ᠨᠢᠭᠡ ᠵᠢᠷᠭᠠᠯ ᠡ᠃ ᠰᠠᠷᠠᠨ᠎ᠤ ᠲᠤᠶᠠᠭ᠎ᠠ ᠮᠣᠳᠤᠳ᠎ᠢ ᠨᠡᠪᠲᠡᠯᠦᠨ ᠰᠠᠴᠤᠷᠠᠵᠤ᠂ ᠳᠡᠭᠡᠷ᠎ᠡ ᠭᠠᠵᠠᠷ ᠰᠠᠭᠰᠠᠢᠨ ᠤᠷᠭᠤᠭᠰᠠᠨ ᠪᠣᠳᠠ᠎ᠨᠤᠭᠤᠳ᠎ᠠᠴᠠ ᠰᠦᠯᠵᠢᠯᠳᠦᠨ ᠲᠣᠣᠷᠯᠠᠭᠰᠠᠨ ᠪᠠᠷᠠᠭᠠᠨ ᠰᠡᠭᠦᠳᠡᠷ ᠪᠠᠭᠤᠵᠤ᠂ ᠮᠣᠰᠭᠢᠷ᠎ᠠ ᠤᠳᠠ᠎ᠨᠤᠭᠤᠳ᠎ᠤᠨ ᠡᠢᠷᠡᠭ ᠰᠡᠢᠷᠡᠭ ᠳᠡᠭᠵᠢᠨ ᠰᠡᠭᠦᠳᠡᠷ ᠯᠢᠩᠬᠤ᠎ᠠ ᠴᠡᠴᠡᠭ᠎ᠦᠨ ᠨᠠᠪᠴᠢᠨ ᠳᠡᠭᠡᠷ᠎ᠡ ᠵᠢᠷᠤᠭᠳᠠᠭᠰᠠᠨ᠎ᠶᠤᠮ᠎ᠰᠢᠭ᠋ ᠬᠠᠷᠠᠭᠳᠠᠨ᠎ᠠ᠃ ᠨᠠᠭᠤᠷ ᠳᠡᠭᠡᠷᠡᠬᠢ ᠰᠠᠷᠠᠨ᠎ᠤ ᠲᠤᠶᠠᠭ᠎ᠠ ᠲᠡᠭᠰᠢᠷᠡᠮᠡᠭ ᠪᠢᠰᠢ ᠪᠠᠢᠯ᠎ᠠ᠃ ᠭᠡᠪᠡᠴᠦ ᠲᠤᠶᠠᠭ᠎ᠠ ᠰᠡᠭᠦᠳᠡᠷ ᠬᠣᠶᠠᠷ᠎ᠤᠨ ᠵᠣᠬᠢᠴᠠᠩᠭᠤᠢ ᠠᠢᠵᠠᠮ᠎ᠨᠢ ᠬᠤᠭᠤᠷ᠎ᠤᠨ ᠢᠷᠠᠭᠤ ᠬᠥᠭᠵᠢᠮ᠎ᠰᠢᠭ᠎ᠶᠦᠮ᠃

ᠯᠢᠩᠬᠤᠸᠠᠲᠤ ᠨᠠᠭᠤᠷ᠎ᠤᠨ ᠳᠥᠷᠪᠡᠨ ᠲᠠᠯ᠎ᠠ᠎ᠶᠢᠨ ᠣᠢᠷ᠎ᠠ ᠬᠣᠯᠠ᠂ ᠳᠡᠭᠡᠷ᠎ᠡ ᠳᠣᠣᠷ᠎ᠠ ᠭᠠᠵᠠᠷ᠎ᠲᠤ ᠴᠥᠮ ᠮᠣᠳᠤ ᠤᠷᠭᠤᠭᠰᠠᠨ᠎ᠤ ᠳᠣᠲᠤᠷ᠎ᠠ ᠤᠳᠠ ᠬᠠᠮᠤᠭ᠎ᠠᠴᠠ ᠣᠯᠠᠨ ᠪᠠᠢᠪᠠ᠃ ᠡᠳᠡᠭᠡᠷ ᠮᠣᠳᠤᠳ ᠯᠢᠩᠬᠤᠸᠠᠲᠤ ᠨᠠᠭᠤᠷ᠎ᠢ ᠳᠠᠪᠬᠤᠷ ᠳᠠᠪᠬᠤᠷ ᠪᠦᠰᠡᠯᠡᠨ᠂ ᠭᠠᠭᠴᠠ᠎ᠬᠦ ᠨᠠᠷᠢᠨ ᠵᠠᠮ᠎ᠤᠨ ᠨᠢᠭᠡ ᠲᠠᠯ᠎ᠠ᠎ᠳᠤ ᠬᠡᠳᠦᠨ ᠬᠡᠰᠡᠭ ᠴᠠᠷᠠᠮ ᠪᠠᠢᠬᠤ᠎ᠨᠢ ᠲᠤᠰᠭᠠᠢᠯᠠᠨ ᠰᠠᠷᠠᠨ᠎ᠤ ᠲᠤᠶᠠᠭ᠎ᠠ᠎ᠳᠤ ᠦᠯᠡᠳᠡᠭᠡᠵᠦ ᠥᠭᠭᠦᠭᠰᠡᠨ᠎ᠶᠦᠮ ᠪᠣᠯᠪᠠ ᠬᠡᠮᠡᠷ᠃ ᠣᠢ ᠮᠣᠳᠤᠨ᠎ᠤ ᠥᠩᠭᠡ᠎ᠨᠢ ᠨᠡᠢᠳᠡᠮ᠎ᠳᠡᠭᠡᠨ ᠳᠦᠨᠡᠷᠡᠨ ᠪᠠᠷᠠᠭᠠᠯᠠᠵᠤ ᠵᠢᠷᠪᠢᠰᠬᠢᠨ ᠬᠠᠷᠠᠪᠠᠯ ᠨᠢᠭᠡ ᠪᠥᠭᠡᠮ ᠵᠤᠵᠠᠭᠠᠨ ᠮᠠᠨᠠᠨ᠎ᠴᠤ ᠮᠡᠲᠦ᠃ ᠭᠡᠪᠡᠴᠦ ᠤᠳᠠ ᠮᠣᠳᠤᠨ᠎ᠤ ᠭᠣᠶᠤᠮᠰᠤᠭ ᠳᠦᠷᠢ᠎ᠨᠢ ᠤᠲᠤᠭ᠎ᠠ ᠮᠠᠨᠠᠨ ᠳᠣᠲᠤᠷ᠎ᠠ᠎ᠠᠴᠠ᠎ᠴᠤ ᠲᠠᠨᠢᠭᠳᠠᠵᠤ ᠪᠠᠢᠯ᠎ᠠ᠃ ᠣᠢ ᠮᠣᠳᠤᠨ᠎ᠤ ᠣᠷᠤᠢ ᠳᠡᠭᠡᠭᠦᠷ ᠠᠯᠤᠰ ᠲᠡᠷᠲᠡᠭᠡ᠎ᠶᠢᠨ ᠬᠡᠰᠡᠭ ᠠᠭᠤᠯᠠ᠎ᠶᠢᠨ ᠣᠷᠤ ᠪᠠᠷ᠎ᠠ ᠲᠡᠳᠦᠢ ᠪᠥᠷᠲᠦᠯᠵᠡᠨ᠎ᠡ᠃ ᠮᠣᠳᠤᠨ ᠰᠠᠯᠠᠭ᠎ᠠ ᠮᠥᠴᠢᠷ᠎ᠦᠨ ᠵᠠᠪᠰᠠᠷ᠎ᠢᠶᠠᠷ ᠨᠢᠭᠡ ᠬᠣᠶᠠᠷ ᠵᠠᠮ᠎ᠤᠨ ᠳ᠋ᠧᠩ ᠴᠤᠬᠤᠢᠵᠤ᠂ ᠨᠣᠢᠷᠮᠤᠭᠯᠠᠭᠰᠠᠨ ᠬᠥᠮᠦᠨ᠎ᠦ ᠨᠢᠳᠦ ᠠᠳᠠᠯᠢ ᠰᠦᠷ ᠵᠢᠪᠬᠤᠭ᠎ᠠ᠎ᠦᠭᠡᠢ ᠬᠠᠷᠠᠭᠳᠠᠨ᠎ᠠ᠃ ᠡᠨᠡ ᠦᠶ᠎ᠡ᠎ᠪᠡᠷ ᠬᠠᠮᠤᠭ᠎ᠤᠨ ᠬᠥᠭᠵᠢᠯᠲᠡᠢ ᠵᠦᠢᠯ ᠭᠡᠪᠡᠯ ᠮᠣᠳᠤᠨ ᠳᠡᠭᠡᠷᠡᠬᠢ ᠵᠢᠷᠭᠢᠷ᠎ᠡ᠎ᠶᠢᠨ ᠳᠠᠭᠤᠨ ᠬᠢᠭᠡᠳ ᠤᠰᠤᠨ ᠳᠣᠲᠤᠷᠠᠬᠢ ᠮᠡᠯᠡᠬᠡᠢ᠎ᠶᠢᠨ ᠳᠠᠭᠤᠨ ᠪᠣᠯᠤᠨ᠎ᠠ᠃ ᠭᠡᠲᠡᠯ᠎ᠡ ᠬᠥᠷ ᠬᠥᠭᠵᠢᠶᠡᠨ᠎ᠨᠢ ᠲᠡᠳᠡᠨᠡᠢᠬᠢ᠎ᠶᠦᠮ᠃ ᠨᠠᠳᠠ ᠶᠠᠭᠤ᠎ᠴᠤ ᠠᠯᠠᠭ᠎ᠠ᠃

ᠭᠡᠨᠡᠳᠲᠡ ᠯᠢᠩᠬᠤ᠎ᠠ᠎ᠶᠢᠨ ᠦᠷ᠎ᠡ ᠲᠡᠭᠦᠳᠡᠭ ᠶᠠᠪᠤᠳᠠᠯ ᠰᠠᠨᠠᠭᠠᠨ᠎ᠳᠤ ᠣᠴᠢᠯᠠᠪᠠ᠃ ᠯᠢᠩᠬᠤ᠎ᠠ᠎ᠶᠢᠨ ᠦᠷ᠎ᠡ ᠲᠡᠭᠦᠬᠦ᠎ᠨᠢ ᠵᠢᠶᠠᠩᠨᠠᠨ ᠭᠠᠵᠠᠷ᠎ᠤᠨ ᠬᠠᠭᠤᠴᠢᠨ ᠵᠠᠩᠰᠢᠯ᠎ᠶᠤᠮ᠃ ᠡᠨᠡ ᠵᠠᠩᠰᠢᠯ ᠮᠠᠰᠢ ᠡᠷᠲᠡ᠎ᠡᠴᠡ ᠤᠯᠠᠮᠵᠢᠯᠠᠭᠳᠠᠭᠰᠠᠨ ᠪᠣᠯᠤᠯᠲᠠᠢ᠂ ᠵᠢᠷᠭᠤᠭᠠᠨ ᠲᠥᠷᠦ᠎ᠶᠢᠨ ᠦᠶ᠎ᠡ᠎ᠳᠦ ᠬᠠᠮᠤᠭ᠎ᠠᠴᠠ ᠶᠡᠬᠡ ᠳᠡᠯᠭᠡᠷᠡᠵᠡᠢ᠃ ᠡᠨᠡ ᠲᠤᠬᠠᠢ ᠰᠢᠯᠦᠭ ᠳᠠᠭᠤᠤ᠎ᠠᠴᠠ ᠵᠠᠬ᠎ᠠ ᠵᠤᠭ᠎ᠠ᠎ᠶᠢ᠎ᠨᠢ ᠮᠡᠳᠡᠵᠦ ᠪᠣᠯᠤᠨ᠎ᠠ᠃

ᠲᠡᠭᠡᠭᠡᠳ 《ᠰᠢ ᠵᠧᠦ ᠳᠠᠭᠤᠯᠠᠯ》᠎ᠤᠨ ᠳᠣᠲᠤᠷᠠᠬᠢ ᠪᠠᠳᠠᠭ ᠰᠠᠨᠠᠭᠠᠨ᠎ᠳᠤ ᠣᠷᠤᠪᠠ:

ᠡᠮᠦᠨᠡᠲᠦ ᠨᠠᠭᠤᠷ᠎ᠠᠴᠠ ᠯᠢᠩᠬᠤ᠎ᠠ᠎ᠶᠢᠨ ᠦᠷ᠎ᠡ ᠳᠡᠭᠦᠷᠦᠨ

ᠯᠢᠩᠬᠤ᠎ᠠ᠎ᠶᠢᠨ ᠡᠰᠢ ᠬᠥᠮᠦᠨ᠎ᠡᠴᠡ ᠬᠡᠲᠦᠢᠳᠦᠮᠤᠢ᠂

ᠡᠮᠦᠨᠡᠰᠢ ᠪᠥᠬᠦᠢᠨ ᠯᠢᠩᠬᠤ᠎ᠠ᠎ᠶᠢᠨ ᠦᠷ᠎ᠡ᠎ᠶᠢ ᠠᠪᠬᠤᠶ᠎ᠠ

ᠯᠢᠩᠬᠤ᠎ᠠ᠎ᠶᠢᠨ ᠦᠷ᠎ᠡ ᠤᠰᠤᠨ ᠮᠡᠲᠦ ᠬᠥᠬᠡ᠃

ᠬᠡᠷᠪᠡ ᠡᠨᠡ ᠣᠷᠤᠢ ᠯᠢᠩᠬᠤ᠎ᠠ᠎ᠶᠢᠨ ᠦᠷ᠎ᠡ ᠲᠡᠭᠦᠬᠦ ᠬᠥᠮᠦᠨ ᠪᠠᠢᠭᠰᠠᠨ᠎ᠰᠠᠨ ᠪᠣᠯ ᠡᠨᠳᠡᠬᠢ ᠯᠢᠩᠬᠤ᠎ᠠ ᠴᠡᠴᠡᠭ᠎ᠴᠦ 《 ᠬᠥᠮᠦᠨ᠎ᠡᠴᠡ ᠬᠡᠲᠦᠢᠳᠴᠡᠢ》 ᠳ᠋ᠠ᠂ ᠤᠷᠤᠰᠭᠠᠯ ᠤᠰᠤᠨ᠎ᠤ ᠰᠡᠭᠦᠳᠡᠷ᠎ᠢ᠎ᠴᠦ ᠣᠯᠵᠤ ᠦᠵᠡᠬᠦ᠎ᠦᠭᠡᠢ ᠶᠠᠭᠠᠬᠢᠵᠤ ᠪᠣᠯᠬᠤ ᠪᠤᠢ᠃ ᠡᠨᠡ᠎ᠨᠢ ᠶᠣᠰᠤᠲᠠᠢ ᠨᠠᠳᠠ ᠵᠢᠶᠠᠩᠨᠠᠨ᠎ᠢ᠎ᠮᠢᠨᠢ ᠰᠠᠨᠠᠭᠳᠠᠭᠤᠯᠴᠢᠬᠠᠯ᠎ᠠ᠃ ᠢᠩᠭᠢᠵᠦ ᠪᠣᠳᠤᠭᠰᠠᠭᠠᠷ ᠭᠡᠨᠡᠳᠲᠡ ᠲᠡᠷᠢᠭᠦᠨ ᠡᠷᠭᠦᠭᠰᠡᠨ᠎ᠴᠢᠨᠢ ᠰᠠᠨᠠᠮᠰᠠᠷ᠎ᠦᠭᠡᠢ᠎ᠪᠠᠷ ᠭᠡᠷ᠎ᠦᠨ᠎ᠢᠶᠡᠨ ᠡᠭᠦᠳᠡᠨ ᠳᠡᠭᠡᠷ᠎ᠡ ᠬᠦᠷᠦᠭᠡᠳ ᠢᠷᠡᠵᠡᠢ᠃ ᠡᠭᠦᠳᠡ᠎ᠪᠡᠨ ᠠᠶᠠᠷᠬᠠᠨ ᠲᠦᠯᠬᠢᠵᠦ ᠣᠷᠤᠭᠰᠠᠨ᠎ᠠ ᠨᠠᠮ ᠵᠢᠮᠬᠡᠨ᠃ ᠡᠬᠡᠨᠡᠷ᠎ᠮᠢᠨᠢ ᠳᠤᠭ ᠨᠣᠢᠷ ᠳᠡᠭᠡᠷ᠎ᠡ᠎ᠪᠡᠨ ᠪᠠᠢᠵᠠᠢ᠃

 

ᠨᠣᠭᠤᠭᠠᠨ

ᠪᠢ ᠬᠣᠶᠠᠳᠠᠬᠢ ᠤᠳᠠᠭ᠎ᠠ ᠰᠢᠶᠠᠨ ᠶᠠᠨ ᠠᠭᠤᠯᠠᠨ᠎ᠳᠤ ᠬᠦᠷᠬᠦ᠎ᠳᠡᠭᠡᠨ ᠮᠧᠢ ᠢᠦᠢ ᠲᠠᠨ ᠴᠣᠩᠬᠢᠶᠠᠯ᠎ᠤᠨ 《 ᠨᠣᠭᠤᠭᠠᠨ》᠎ᠢ ᠦᠵᠡᠭᠡᠳ ᠶᠣᠰᠤᠲᠠᠢ ᠶᠡᠬᠡ ᠰᠣᠴᠢᠭᠰᠠᠨ ᠪᠢᠯᠡ᠃

ᠮᠧᠢ ᠢᠦᠢ ᠲᠠᠨ ᠴᠣᠩᠬᠢᠶᠠᠯ ᠪᠣᠯ ᠬᠦᠷᠬᠢᠷᠡᠲᠦ ᠴᠣᠩᠬᠢᠶᠠᠯ᠎ᠶᠤᠮ᠃ ᠰᠢᠶᠠᠨ ᠶᠠᠨ ᠠᠭᠤᠯᠠᠨ᠎ᠳᠤ ᠭᠤᠷᠪᠠᠨ ᠬᠦᠷᠬᠢᠷ᠎ᠡ ᠪᠤᠢ᠂ ᠮᠧᠢ ᠢᠦᠢ ᠬᠦᠷᠬᠢᠷ᠎ᠡ ᠬᠠᠮᠤᠭ᠎ᠤᠨ ᠪᠣᠭᠤᠨᠢ᠎ᠨᠢ᠎ᠶᠤᠮ᠃ ᠠᠭᠤᠯᠠᠨ᠎ᠤ ᠬᠣᠷᠮᠤᠢ᠎ᠳᠤ ᠬᠦᠷᠦᠮᠡᠭᠴᠡ ᠬᠣᠷᠴᠢᠭᠢᠨᠠᠬᠤ ᠴᠢᠮᠡᠭᠡ ᠰᠣᠨᠤᠰᠳᠠᠵᠤ᠂ ᠲᠡᠷᠢᠭᠦᠨ ᠡᠷᠭᠦᠵᠦ ᠦᠵᠡᠬᠦᠯ᠎ᠡ᠂ ᠬᠣᠶᠠᠷ ᠵᠤᠷᠪᠤᠰ ᠬᠠᠷ᠎ᠠ ᠬᠥᠪᠡᠭᠡ᠎ᠶᠢᠨ ᠳᠤᠮᠳᠠᠭᠤᠷ ᠴᠠᠢᠷᠠᠨ ᠭᠢᠯᠠᠯᠵᠠᠭᠰᠠᠨ ᠤᠰᠤ ᠨᠢᠳᠦᠨ ᠡᠮᠦᠨ᠎ᠡ ᠢᠯᠡᠷᠡᠨ᠎ᠡ᠃ ᠪᠢᠳᠡ ᠤᠷᠢᠳᠠ᠎ᠪᠠᠷ ᠮᠧᠢ ᠢᠦᠢ ᠲᠢᠩ ᠲᠢᠩᠬᠢᠮ ᠬᠦᠷᠦᠯ᠎ᠡ᠃ ᠡᠨᠡ ᠲᠢᠩᠬᠢᠮ ᠶᠠᠭ ᠬᠦᠷᠬᠢᠷ᠎ᠡ᠎ᠶᠢ ᠴᠢᠭᠯᠡᠵᠦ ᠪᠠᠢᠨ᠎ᠠ᠃ ᠲᠢᠩᠬᠢᠮ᠎ᠦᠨ ᠳᠡᠷᠭᠡᠳᠡ ᠰᠠᠭᠤᠪᠠᠯ ᠥᠯᠢᠢᠵᠦ ᠬᠠᠷᠠᠬᠤ᠎ᠦᠭᠡᠢ᠎ᠪᠠᠷ ᠪᠦᠬᠦ ᠪᠠᠢᠳᠠᠯ᠎ᠢ᠎ᠨᠢ ᠣᠯᠵᠤ ᠦᠵᠡᠬᠦ ᠪᠢᠯᠡ᠃ ᠲᠢᠩᠬᠢᠮ᠎ᠦᠨ ᠳᠣᠣᠷ᠎ᠠ ᠪᠠᠢᠭ᠎ᠠ ᠭᠦᠨ ᠤᠰᠤ ᠪᠣᠯ ᠮᠧᠢ ᠢᠦᠢ ᠲᠠᠨ ᠴᠣᠩᠬᠢᠶᠠᠯ ᠪᠣᠯᠤᠨ᠎ᠠ᠃ ᠡᠨᠡ ᠲᠢᠩᠬᠢᠮ᠂ ᠶᠣᠷᠳᠤᠢᠨ ᠲᠦᠭᠳᠦᠢᠭᠰᠡᠨ ᠠᠰᠭ᠎ᠠ ᠬᠠᠳᠠᠨ ᠳᠡᠭᠡᠷ᠎ᠡ ᠪᠤᠢ᠃ ᠳᠡᠭᠡᠷ᠎ᠡ ᠳᠣᠣᠷ᠎ᠠ ᠴᠥᠮ ᠬᠥᠨᠳᠡᠢ ᠬᠣᠭᠤᠰᠤᠨ᠂ ᠣᠭᠲᠠᠷᠭᠤᠢ᠎ᠶᠢᠨ ᠴᠡᠭᠡᠯ᠎ᠳᠦ ᠳᠠᠯᠠᠪᠴᠢ᠎ᠪᠠᠨ ᠳᠡᠯᠭᠡᠵᠦ ᠬᠥᠪᠪᠦᠭᠰᠡᠨ ᠬᠠᠷᠴᠠᠭᠠᠢ ᠱᠣᠩᠬᠤᠷ᠎ᠰᠢᠭ᠋ ᠬᠠᠷᠠᠭᠳᠠᠬᠤ᠎ᠶᠤᠮ᠃ ᠭᠤᠷᠪᠠᠨ ᠲᠠᠯ᠎ᠠ᠎ᠶᠢ ᠠᠭᠤᠯᠠ ᠪᠦᠰᠡᠯᠡᠵᠦ᠂ ᠲᠠᠯ᠎ᠠ ᠴᠠᠭᠠᠷᠢᠭ᠎ᠲᠤ ᠣᠷᠢᠶᠠᠭᠳᠠᠵᠤ᠂ ᠬᠥᠮᠦᠨ ᠬᠤᠳᠳᠤᠭ᠎ᠤᠨ ᠢᠷᠤᠭᠠᠷ᠎ᠲᠤ ᠰᠠᠭᠤᠭ᠎ᠠ᠎ᠰᠢᠭ᠋ ᠪᠢᠯᠡ᠃ ᠲᠡᠷᠡ ᠪᠣᠯ ᠪᠦᠷᠬᠦᠪᠲᠦᠷ ᠨᠢᠭᠡᠨ ᠨᠠᠮᠤᠷ᠎ᠤᠨ ᠡᠳᠦᠷ ᠪᠠᠢᠵᠠᠢ᠃ ᠨᠢᠮᠭᠡᠨ ᠫᠠᠩᠰᠠᠨ ᠡᠭᠦᠯᠡ ᠮᠠᠨ᠎ᠤ ᠲᠣᠯᠤᠭᠠᠢ ᠳᠡᠭᠡᠷ᠎ᠡ ᠬᠥᠪᠴᠦ᠂ ᠬᠠᠳᠠ ᠴᠢᠯᠠᠭᠤ ᠪᠠ ᠥᠯᠦᠩ ᠡᠪᠡᠰᠦ ᠴᠥᠮ ᠴᠢᠭᠢᠭ ᠨᠣᠢᠲᠠᠨ᠎ᠤ ᠳᠣᠲᠤᠷ᠎ᠠ᠎ᠠᠴᠠ ᠬᠡᠳᠦᠨ ᠬᠤᠪᠢ᠎ᠶᠢᠨ ᠴᠡᠯ ᠨᠣᠭᠤᠭᠠᠨ ᠥᠩᠭᠡ ᠢᠯᠡᠷᠡᠵᠦ ᠪᠠᠢᠳᠠᠭ᠃ ᠲᠡᠭᠡᠲᠡᠯ᠎ᠠ ᠬᠦᠷᠬᠢᠷ᠎ᠡ᠎ᠴᠦ ᠮᠥᠨ ᠣᠨᠴᠠ ᠭᠣᠢᠲᠠ ᠳᠠᠭᠤ ᠴᠢᠮᠡᠭᠡ᠎ᠲᠡᠢ᠎ᠴᠦ ᠪᠣᠯᠤᠭᠰᠠᠨ᠎ᠰᠢᠭ᠋ ᠪᠠᠢᠯ᠎ᠠ᠃ ᠲᠡᠷᠡ ᠬᠦᠷᠬᠢᠷ᠎ᠡ ᠣᠷᠤᠢ ᠳᠡᠭᠡᠷ᠎ᠡ᠎ᠡᠴᠡ ᠱᠠᠪᠰᠢᠨ ᠪᠠᠭᠤᠬᠤ᠎ᠳᠠᠭᠠᠨ ᠴᠣᠭᠤᠴᠢᠭᠳᠠᠨ ᠲᠣᠮᠤ ᠵᠢᠵᠢᠭ ᠬᠡᠳᠦᠨ ᠣᠷᠤᠮᠤᠭ ᠪᠣᠯᠤᠭᠠᠳ ᠪᠦᠬᠦᠯᠢ ᠪᠦᠲᠦᠨ ᠭᠢᠯᠦᠭᠡᠷ ᠲᠡᠭᠰᠢᠬᠡᠨ ᠳᠠᠪᠤᠤ ᠪᠢᠰᠢ ᠪᠣᠯᠴᠢᠬᠠᠵᠠᠢ᠃ ᠰᠡᠷᠪᠡᠭᠡᠷ ᠬᠠᠳᠠ᠎ᠶᠢ ᠰᠠᠮᠨᠠᠨ ᠤᠷᠤᠰᠴᠤ ᠪᠠᠭᠤᠭᠰᠠᠨ ᠬᠦᠷᠬᠢᠷ᠎ᠡ ᠬᠦᠴᠦᠲᠡᠢ ᠳᠣᠭᠰᠢᠨ᠎ᠢᠶᠠᠷ ᠪᠠᠯᠪᠠᠨ ᠴᠣᠬᠢᠯᠠᠵᠤ ᠢᠷᠡᠬᠦ᠎ᠳᠡᠭᠡᠨ ᠪᠤᠲᠠᠷᠠᠬᠤ ᠴᠡᠴᠡᠭ ᠬᠡᠮᠬᠡᠷᠡᠬᠦ ᠬᠠᠰ᠎ᠰᠢᠭ᠋ ᠪᠤᠲᠠᠷᠠᠨ ᠰᠦᠷᠴᠢᠭᠳᠡᠵᠦ ᠪᠠᠢᠯ᠎ᠠ᠃ ᠪᠤᠲᠠᠷᠠᠨ ᠰᠦᠷᠴᠢᠭᠳᠡᠭᠰᠡᠨ ᠤᠰᠤᠨ᠎ᠤ ᠴᠡᠴᠡᠭ ᠭᠢᠯᠲᠠᠭᠠᠨᠠᠨ ᠭᠡᠷᠡᠯᠲᠦᠬᠦ ᠪᠥᠭᠡᠳ ᠱᠣᠪᠬᠤ ᠨᠠᠷᠢᠨ ᠦᠵᠦᠭᠦᠷᠯᠡᠵᠦ᠂ ᠠᠯᠤᠰ᠎ᠠᠴᠠ ᠬᠠᠷᠠᠬᠤᠯ᠎ᠠ ᠵᠢᠵᠢᠭᠬᠡᠨ ᠣᠯᠠᠨ ᠲᠡᠷᠢᠭᠦᠯᠡᠭᠴᠢ ᠴᠡᠴᠡᠭ᠎ᠦᠨ ᠳᠡᠯᠪᠢ᠎ᠰᠢᠭ᠎ᠶᠦᠮ᠃ ᠰᠢᠪᠡᠷᠡᠭᠡ ᠪᠣᠷᠤᠭᠠᠨ᠎ᠤ ᠳᠤᠰᠤᠯ᠎ᠰᠢᠭ᠋ ᠰᠡᠷᠪᠡᠭᠡᠨᠡᠨ ᠪᠤᠲᠠᠷᠠᠵᠤ ᠪᠠᠢᠨ᠎ᠠ᠃ ᠡᠨᠡ᠎ᠬᠦ ᠪᠠᠢᠳᠠᠯ ᠪᠣᠯ ᠮᠧᠢ ᠢᠦᠢ ᠲᠠᠨ - ᠲᠡᠷᠢᠭᠦᠯᠡᠭᠴᠢ ᠴᠡᠴᠡᠭ᠎ᠦᠨ ᠬᠤᠷ᠎ᠠ᠎ᠶᠢᠨ ᠴᠣᠩᠬᠢᠶᠠᠯ᠎ᠤᠨ ᠨᠡᠷᠡᠢᠳᠦᠯ᠎ᠦᠨ ᠢᠷᠡᠯ᠎ᠨᠢ ᠭᠡᠳᠡᠭ ᠪᠢᠯᠡ᠃ ᠭᠡᠲᠡᠯ᠎ᠡ ᠮᠢᠨᠦ ᠦᠵᠡᠬᠦ᠎ᠪᠡᠷ ᠲᠡᠭᠦᠨ᠎ᠢ ᠤᠯᠢᠶᠠᠰᠤᠨ ᠴᠡᠴᠡᠭ ᠭᠡᠪᠡᠯ ᠲᠤᠢᠯ᠎ᠤᠨ ᠵᠦᠢᠲᠡᠢ ᠪᠠᠢᠭᠰᠠᠨ᠎ᠶᠤᠮ᠃ ᠠᠶᠠᠰ᠎ᠤᠨ ᠰᠠᠯᠬᠢᠨ ᠰᠡᠪᠡᠯᠵᠡᠨ ᠥᠩᠭᠡᠷᠡᠬᠦ᠎ᠪᠡᠷ ᠠᠳᠭᠤ ᠠᠳᠭᠤ᠎ᠪᠠᠷ ᠪᠤᠲᠠᠷᠠᠨ ᠰᠠᠳᠠᠷᠠᠳᠠᠭ᠎ᠨᠢ ᠤᠯᠢᠶᠠᠰᠤᠨ᠎ᠤ ᠤᠩᠭᠠᠷᠢᠯ ᠪᠠᠢᠭᠰᠠᠨ᠎ᠶᠤᠮ᠃ ᠭᠡᠨᠡᠳᠲᠡ᠎ᠪᠡᠷ ᠮᠠᠨ᠎ᠤ ᠬᠠᠯᠠᠭᠤᠨ ᠳᠤᠯᠠᠭᠠᠨ ᠡᠪᠦᠷ᠎ᠲᠦ ᠬᠡᠳᠦᠨ ᠤᠩᠭᠠᠷᠢᠯ ᠬᠡᠢᠰᠦᠨ ᠣᠷᠤᠵᠤ ᠢᠷᠡᠭᠡᠳ ᠪᠠᠷ᠎ᠠ ᠲᠠᠰᠤ ᠪᠣᠯᠵᠤ ᠣᠷᠬᠢᠳᠠᠭ᠎ᠰᠠᠨ᠃

ᠮᠧᠢ ᠢᠦᠢ ᠲᠠᠨ ᠴᠣᠩᠬᠢᠶᠠᠯ᠎ᠤᠨ ᠲᠤᠶᠠᠭ᠎ᠠ ᠲᠠᠲᠠᠭᠰᠠᠨ ᠴᠡᠯᠭᠡᠮ᠎ᠡ ᠨᠣᠭᠤᠭᠠᠨ ᠥᠩᠭᠡ ᠮᠠᠨ᠎ᠤ ᠵᠦᠭ ᠭᠠᠷ ᠳᠠᠯᠠᠯᠤᠨ ᠳᠠᠭᠤᠳᠠᠬᠤ᠎ᠳᠤ ᠪᠢᠳᠡ ᠲᠡᠭᠦᠨ᠎ᠦ ᠬᠠᠭᠠᠴᠠᠨ ᠬᠠᠮᠲᠤᠳᠭᠠᠭᠴᠢ ᠳᠦᠷᠰᠦ ᠪᠠᠢᠳᠠᠯ᠎ᠢ ᠨᠡᠬᠡᠨ ᠰᠤᠷᠪᠤᠯᠵᠢᠯᠠᠬᠤ ᠪᠣᠯᠤᠯ᠎ᠠ᠃ ᠡᠪᠡᠰᠦ ᠮᠣᠳᠤᠨ᠎ᠠᠴᠠ ᠪᠠᠵᠠᠭᠳᠠᠵᠤ᠂ ᠥᠨᠳᠦᠷ ᠬᠠᠳᠠᠨ᠎ᠢ ᠳᠠᠪᠠᠭᠰᠠᠭᠠᠷ ᠬᠢᠴᠢᠶᠡᠩᠭᠦᠢ ᠪᠣᠯᠭᠤᠮᠵᠢᠲᠠᠢ᠎ᠪᠠᠷ ᠪᠡᠶ᠎ᠡ ᠮᠡᠬᠦᠢᠨ ᠨᠢᠷᠤᠭᠤ ᠪᠥᠭᠲᠦᠢᠨ᠂ ᠪᠠᠰᠠ ᠨᠢᠭᠡᠨ ᠴᠢᠯᠠᠭᠤᠨ ᠭᠤᠯᠳᠤᠩ᠎ᠢ ᠥᠩᠭᠡᠷᠡᠮᠡᠭᠴᠡ ᠮᠡᠯᠲᠡᠭᠡᠨᠡᠨ ᠲᠤᠨᠤᠯᠵᠠᠭᠰᠠᠨ ᠨᠣᠮᠢᠨ ᠨᠣᠭᠤᠭᠠᠨ ᠴᠣᠩᠬᠢᠶᠠᠯ᠎ᠤᠨ ᠳᠡᠷᠭᠡᠳᠡ ᠬᠦᠷᠬᠦ᠎ᠶᠦᠮ᠃ ᠬᠦᠷᠬᠢᠷ᠎ᠡ ᠨᠢᠭᠡᠨᠲᠡ ᠬᠠᠮᠠᠷ᠎ᠤᠨ ᠦᠵᠦᠭᠦᠷ ᠳᠣᠣᠷ᠎ᠠ ᠪᠠᠢᠭᠰᠠᠨ᠎ᠴᠤ ᠬᠦᠷᠬᠢᠷ᠎ᠡ ᠭᠡᠳᠡᠭ᠎ᠢ ᠪᠢ ᠪᠦᠷ᠎ᠴᠦ ᠮᠠᠷᠲᠠᠵᠤ ᠣᠷᠬᠢᠭᠰᠠᠨ ᠪᠠᠢᠵᠠᠢ᠃ ᠮᠢᠨᠦ ᠰᠡᠳᠭᠢᠯ ᠴᠣᠩᠬᠢᠶᠠᠯ᠎ᠤᠨ ᠤᠰᠤᠨ᠎ᠤ ᠴᠡᠯᠭᠡᠮ᠎ᠡ ᠨᠣᠭᠤᠭᠠᠨ᠎ᠢ ᠳᠠᠭᠠᠵᠤ ᠴᠢᠴᠢᠭᠡᠨᠡᠨ ᠳᠣᠯᠭᠢᠶᠠᠯᠠᠵᠤ ᠪᠤᠢ᠃ ᠰᠡᠳᠭᠢᠯ᠎ᠢ ᠳᠣᠭᠳᠤᠯᠤᠭᠤᠯᠤᠨ ᠬᠥᠮᠦᠨ᠎ᠢ ᠰᠣᠭᠲᠤᠭᠤᠷᠠᠭᠤᠯᠤᠯᠤᠮ᠎ᠠ ᠨᠣᠭᠤᠭᠠᠨ ᠡ! ᠠᠰᠤᠷᠤ ᠲᠣᠮᠤ ᠯᠢᠩᠬᠤ᠎ᠠ᠎ᠶᠢᠨ ᠨᠠᠪᠴᠢ ᠢᠯᠲᠠᠭᠠᠨᠠᠨ ᠳᠡᠯᠭᠡᠭᠰᠡᠨ᠎ᠶᠦᠮ᠎ᠰᠢᠭ ᠬᠠᠴᠢᠨ ᠰᠣᠨᠢᠷᠬᠠᠯᠲᠤ ᠨᠣᠭᠤᠭᠠᠨ᠎ᠢᠶᠠᠷ ᠳᠦᠭᠦᠷᠦᠭᠰᠡᠨ ᠪᠠᠢᠵᠠᠢ᠃ ᠬᠣᠶᠠᠷ ᠭᠠᠷ᠎ᠢᠶᠠᠨ ᠰᠤᠩᠭᠠᠨ ᠠᠯᠳᠠᠯᠠᠵᠤ ᠲᠡᠪᠡᠷᠢᠭᠡᠳ ᠠᠪᠬᠤ᠎ᠶᠤᠮᠰᠠᠨ ᠭᠡᠵᠦ ᠰᠠᠨᠠᠬᠤ᠎ᠶᠤᠮ᠃ ᠭᠡᠲᠡᠯ᠎ᠡ ᠡᠨᠡ᠎ᠨᠢ ᠶᠠᠭᠠᠬᠢᠭᠰᠠᠨ ᠶᠡᠬᠡ ᠰᠦᠷᠡᠬᠡᠢ ᠬᠡᠢ ᠪᠣᠳᠤᠯ ᠪᠠᠢᠭᠰᠠᠨ᠎ᠶᠤᠮ ᠪᠤᠢ ᠳ᠋ᠠ᠃ - ᠤᠰᠤᠨ᠎ᠤ ᠳᠡᠷᠭᠡᠳᠡ ᠵᠣᠭᠰᠤᠵᠤ ᠲᠡᠷᠲᠡᠭᠡ ᠠᠯᠤᠰ᠎ᠢ ᠪᠠᠷᠠᠯᠠᠬᠤᠶ᠎ᠠ ᠬᠠᠷᠢᠨ ᠬᠣᠯᠠᠬᠢ ᠭᠠᠵᠠᠷ᠎ᠰᠢᠭ᠋ ᠰᠠᠨᠠᠭᠳᠠᠬᠤ᠎ᠶᠤᠮ ᠡ! ᠲᠡᠭᠰᠢ ᠳᠡᠪᠢᠰᠦᠭᠳᠡᠭᠰᠡᠨ ᠬᠤᠷᠠᠵᠤ ᠵᠤᠵᠠᠭᠠᠷᠠᠭᠰᠠᠨ ᠡᠨᠡ ᠨᠣᠭᠤᠭᠠᠨ ᠦᠨᠡᠬᠡᠷ ᠬᠠᠢᠷᠠᠬᠠᠨ ᠪᠠᠢᠭᠰᠠᠨ᠎ᠰᠠᠨ᠂ ᠲᠡᠷᠡ ᠬᠥᠩᠭᠡᠬᠡᠨ ᠰᠤᠯᠠᠬᠠᠨ ᠬᠤᠨᠢᠶᠠᠰᠤᠷᠠᠨ ᠠᠲᠤᠷᠢᠬᠤ᠎ᠳᠠᠭᠠᠨ ᠵᠠᠯᠠᠭᠤ ᠡᠮᠡᠭᠲᠡᠢ᠎ᠶᠢᠨ ᠤᠷᠲᠤ ᠪᠠᠩᠵᠠᠯ᠎ᠤᠨ ᠬᠣᠷᠮᠤᠢ᠎ᠰᠢᠭ᠋᠎ᠶᠤᠮ᠃ ᠲᠡᠷᠡ ᠭᠤᠯᠭᠤᠷᠢᠩᠬᠠᠨ ᠭᠢᠯᠠᠯᠵᠠᠵᠤ᠂ ᠰᠢᠷ ᠪᠣᠳᠤᠭ ᠲᠦᠷᠬᠢᠭᠰᠡᠨ᠎ᠶᠦᠮ᠎ᠰᠢᠭ᠂ ᠲᠠᠬᠢᠶᠠᠨ ᠥᠨᠳᠡᠭᠡᠨ᠎ᠦ ᠴᠠᠭᠠᠨ᠎ᠰᠢᠭ᠋ ᠵᠥᠭᠡᠯᠡᠨ ᠨᠡᠮᠡᠭᠦᠨ᠃ ᠭᠡᠬᠦ᠎ᠳᠡᠭᠡᠨ ᠲᠡᠷᠡ᠎ᠨᠢ ᠪᠠᠰᠠ ᠰᠢᠭᠠᠷᠤ ᠬᠣᠯᠢᠭ᠎ᠠ᠎ᠦᠭᠡᠢ ᠶᠣᠰᠤᠲᠠᠢ ᠨᠢᠭᠡᠨ ᠬᠡᠰᠡᠭ ᠪᠦᠯᠢᠶᠡᠨ ᠨᠦᠮᠵᠦᠷᠬᠡᠭ ᠨᠣᠮᠢᠨ ᠡᠷᠳᠡᠨᠢ ᠪᠠᠢᠭᠰᠠᠨ᠂ ᠭᠠᠭᠴᠠ ᠲᠡᠷᠡ᠎ᠨᠢ ᠳᠠᠩ ᠭᠠᠭᠴᠠ ᠨᠢᠭᠡᠬᠡᠨ ᠥᠩᠭᠡ - ᠭᠡᠪᠡᠴᠦ ᠲᠡᠭᠦᠨ᠎ᠢ ᠨᠡᠪᠲᠡ ᠬᠠᠷᠠᠵᠤ ᠴᠢᠳᠠᠬᠤ᠎ᠦᠭᠡᠢ᠎ᠶᠤᠮ! ᠪᠡᠭᠡᠵᠢᠩ᠎ᠦᠨ ᠰᠢ ᠱᠠ ᠬᠠᠢ ᠴᠡᠴᠡᠷᠯᠢᠭ᠎ᠦᠨ ᠭᠠᠵᠠᠷ ᠰᠢᠭᠦᠷᠬᠢᠯᠡᠬᠦ ᠨᠣᠭᠤᠭᠠᠨ ᠤᠳᠠ᠎ᠶᠢ ᠪᠢ ᠦᠵᠡᠭᠰᠡᠨ! ᠰᠢᠩᠭᠡᠨ ᠰᠢᠷᠭᠠᠯ ᠥᠩᠭᠡ ᠡᠴᠡᠭᠡᠨ ᠭᠠᠷᠴᠤ ᠴᠢᠳᠠᠭᠰᠠᠨ᠎ᠦᠭᠡᠢ᠂ ᠠᠷᠠᠢᠬᠠᠨ ᠴᠡᠩᠭᠡᠭ ᠤᠰᠤᠪᠬᠢ ᠪᠣᠯᠤᠭᠰᠠᠨ ᠪᠠᠢᠪᠠ᠃ ᠪᠢ ᠪᠠᠰᠠ ᠬᠠᠩᠵᠧᠦ᠎ᠶᠢᠨ ᠾᠦ ᠫᠤᠤ ᠰᠧ ᠬᠡᠢᠳ᠎ᠦᠨ ᠳᠡᠷᠭᠡᠳᠡᠬᠢ ᠭᠣᠢᠲᠠ ᠥᠨᠳᠦᠷ ᠪᠥᠭᠡᠳ ᠢᠭᠴᠢ ᠵᠤᠵᠠᠭᠠᠨ 《ᠨᠣᠭᠤᠭᠠᠨ ᠬᠠᠨ᠎ᠠ》᠎ᠶᠢ ᠦᠵᠡᠭᠰᠡᠨ ᠪᠢᠯᠡ᠃ ᠴᠠᠭᠯᠠᠰᠢ᠎ᠦᠭᠡᠢ ᠵᠤᠵᠠᠭᠠᠨ ᠨᠣᠮᠢᠨ ᠡᠪᠡᠰᠦ ᠨᠣᠭᠤᠭᠠᠨ ᠨᠠᠪᠴᠢ᠎ᠪᠠᠷ ᠰᠦᠭᠯᠡᠷᠡᠨ ᠣᠪᠤᠭᠠᠷᠠᠭᠰᠠᠨ᠎ᠨᠢ ᠠᠷᠠᠢᠬᠠᠨ᠎ᠴᠤ ᠥᠳᠭᠡᠷᠡᠨ ᠨᠢᠭᠲᠠᠷᠠᠭᠰᠠᠨ ᠪᠠᠢᠪᠠ᠃ ᠲᠡᠭᠦᠨ᠎ᠡᠴᠡ ᠭᠠᠳᠠᠨ᠎ᠠ ᠰᠢ ᠾᠦ ᠨᠠᠭᠤᠷ᠎ᠤᠨ ᠳᠣᠯᠭᠢᠶ᠎ᠠ ᠪᠣᠯ ᠠᠰᠤᠷᠤ ᠢᠯᠡ ᠴᠠᠢᠪᠠᠭᠠᠷ ᠪᠣᠯᠤᠭᠰᠠᠨ ᠪᠠᠢᠵᠠᠢ᠃ ᠴᠢᠨ ᠬᠤᠸᠠᠢ ᠾᠧ ᠭᠣᠣᠯ᠎ᠤᠨ ᠥᠩᠭᠡ ᠪᠠᠰᠠ ᠳᠡᠩᠳᠡᠭᠦᠦ ᠬᠠᠷᠠᠩᠭᠤᠢ ᠭᠦᠨ ᠪᠣᠯᠵᠠᠢ᠃ ᠬᠠᠢᠷᠠᠲᠤ᠎ᠮᠢᠨᠢ ᠡ᠂ ᠪᠢ ᠴᠣᠬᠤᠮ ᠴᠢᠮᠠᠢ᠎ᠪᠠᠨ ᠶᠠᠭᠤ᠎ᠪᠠᠷ ᠵᠦᠢᠷᠯᠡᠬᠦ ᠪᠢᠯᠡ? ᠪᠢ ᠴᠢᠮᠠᠢ ᠶᠠᠭᠠᠬᠢᠨ ᠵᠦᠢᠷᠯᠡᠨ ᠴᠢᠳᠠᠬᠤ ᠪᠢᠯᠡ? ᠤᠴᠢᠷ᠎ᠨᠢ ᠴᠣᠩᠬᠢᠶᠠᠯ ᠯᠠᠪ ᠶᠡᠬᠡ ᠭᠦᠨ ᠪᠠᠢᠳᠠᠭ᠎ᠠᠴᠠ᠎ᠪᠠᠨ ᠬᠠᠴᠢᠨ ᠭᠠᠢᠬᠠᠮᠰᠢᠭᠲᠤ ᠨᠣᠭᠤᠭᠠᠨ᠎ᠢ ᠬᠠᠳᠠᠭᠠᠯᠠᠨ ᠴᠢᠳᠠᠭᠰᠠᠨ ᠪᠠᠢᠨ᠎ᠠ᠃ ᠬᠥᠬᠡᠮᠳᠦᠭ ᠨᠣᠮᠢᠨ ᠣᠭᠲᠠᠷᠭᠤᠢ᠎ᠶᠢᠨ ᠨᠢᠭᠡ ᠬᠡᠰᠡᠭ ᠳᠣᠲᠤᠷ᠎ᠠ ᠠᠭᠤᠰᠤᠭᠰᠠᠨ᠎ᠰᠢᠭ᠋ ᠪᠠᠢᠵᠤ᠂ ᠡᠢᠮᠦᠷᠬᠦᠦ ᠰᠡᠪᠡᠬᠦᠨ ᠨᠡᠮᠡᠭᠦᠨ ᠪᠣᠯᠵᠤ ᠴᠢᠳᠠᠵᠠᠢ᠃ - ᠲᠡᠷᠡ᠎ᠨᠢ ᠬᠥᠮᠦᠨ᠎ᠢ ᠰᠣᠭᠲᠤᠭᠤᠷᠠᠭᠤᠯᠤᠮ᠎ᠠ ᠨᠣᠭᠤᠭᠠᠨ ᠪᠠᠢᠭᠰᠠᠨ᠎ᠶᠤᠮ ᠡ! ᠪᠢ ᠬᠡᠷᠪᠡ ᠴᠢᠮᠠᠢ ᠡᠰᠭᠡᠵᠦ ᠪᠦᠰᠡ ᠪᠣᠯᠭᠠᠵᠤ ᠴᠢᠳᠠᠳᠠᠭ᠎ᠶᠤᠮ ᠪᠣᠯ ᠲᠡᠷᠡ᠎ᠬᠦ ᠬᠥᠩᠭᠡᠨ ᠭᠠᠪᠰᠢᠭᠠᠢ ᠪᠥᠵᠢᠭ᠎ᠦᠨ ᠬᠡᠦᠬᠡᠨ᠎ᠳᠦ ᠪᠡᠯᠡᠭᠯᠡᠬᠦ᠎ᠶᠦᠮ᠃ ᠲᠡᠭᠡᠪᠡᠯ ᠪᠥᠵᠢᠭ ᠴᠣᠬᠤᠮ ᠰᠠᠯᠬᠢᠨ᠎ᠤ ᠠᠶᠠᠰ᠎ᠢᠶᠠᠷ ᠳᠡᠷᠪᠡᠨ ᠬᠡᠢᠰᠭᠡᠬᠦ ᠪᠣᠯᠤᠨ᠎ᠠ᠃ ᠬᠡᠷᠪᠡ ᠪᠢ ᠴᠢᠮᠠᠢ ᠣᠳᠭᠤᠨ ᠠᠪᠴᠤ ᠨᠢᠳᠦ ᠬᠢᠵᠦ ᠴᠢᠳᠠᠬᠤ᠎ᠶᠤᠮ ᠪᠣᠯ ᠴᠣᠬᠤᠮ ᠥᠨᠥ ᠪᠠᠯᠠᠢ ᠨᠢᠳᠦᠲᠦ ᠳᠠᠭᠤᠴᠢᠨ ᠥᠬᠢᠨ᠎ᠳᠦ ᠪᠡᠯᠡᠭᠯᠡᠬᠦ ᠪᠠᠢᠭᠰᠠᠨ᠃ ᠲᠡᠭᠡᠪᠡᠯ ᠲᠡᠷᠡ᠎ᠮᠠᠨᠢ ᠪᠦᠲᠦᠨ ᠰᠠᠢᠬᠠᠨ ᠨᠢᠳᠦ᠎ᠲᠡᠢ ᠪᠣᠯᠬᠤ᠎ᠶᠤᠮ᠃ ᠴᠢᠮᠠᠢ᠎ᠪᠠᠨ ᠪᠢ ᠶᠠᠭᠠᠬᠢᠭᠰᠠᠨ᠎ᠴᠤ ᠬᠠᠶᠠᠵᠤ ᠣᠷᠬᠢᠬᠤ᠎ᠦᠭᠡᠢ᠂ ᠪᠢ ᠶᠠᠭᠠᠬᠢᠭᠰᠠᠨ ᠭᠡᠨᠡᠳᠲᠡ ᠴᠢᠮᠠᠢ᠎ᠪᠠᠨ ᠤᠭᠤᠷᠴᠤ ᠪᠣᠯᠬᠤ ᠪᠤᠢ? ᠬᠠᠯᠠᠭᠤᠨ ᠵᠥᠭᠡᠯᠡᠨ ᠭᠠᠷ᠎ᠢᠶᠠᠷ᠎ᠢᠶᠠᠨ ᠴᠢᠮᠠᠢ᠎ᠪᠠᠨ ᠲᠠᠪᠰᠢᠵᠤ᠂ ᠴᠢᠮᠠᠢ᠎ᠪᠠᠨ ᠢᠯᠪᠢᠵᠦ᠂ ᠠᠷᠪᠠᠨ ᠬᠣᠶᠠᠷ ᠭᠤᠷᠪᠠᠲᠠᠢᠬᠠᠨ ᠵᠢᠭᠠᠬᠠᠨ ᠬᠡᠦᠬᠡᠨ᠎ᠰᠢᠭ᠎ᠢᠶᠡᠷ ᠠᠮᠠᠨ᠎ᠳᠠᠭᠠᠨ ᠡᠮᠬᠦᠵᠦ ᠠᠯᠠᠭᠠᠨ᠎ᠳᠠᠭᠠᠨ ᠪᠦᠪᠡᠢᠯᠡᠵᠦ ᠡᠩᠬᠦᠷᠡᠢᠯᠡᠨ᠎ᠡ᠃ ᠴᠢᠮᠠᠳᠤ ᠨᠢᠭᠡ ᠨᠡᠷ᠎ᠡ ᠥᠭᠰᠦᠭᠡᠢ᠂ ᠡᠭᠦᠨᠴᠡ ᠬᠣᠢᠰᠢᠳᠠ ᠪᠢ ᠴᠢᠮᠠᠢ 《ᠬᠡᠦᠬᠡᠨ ᠨᠣᠭᠤᠭᠠᠨ》 ᠭᠡᠵᠦ ᠪᠠᠢᠶ᠎ᠠ᠂ ᠪᠣᠯᠬᠤ᠎ᠤᠤ?

ᠪᠢ ᠬᠣᠶᠠᠳᠠᠬᠢ ᠤᠳᠠᠭ᠎ᠠ᠎ᠪᠠᠨ ᠰᠢᠶᠠᠨ ᠶᠠᠨ ᠠᠭᠤᠯᠠᠨ᠎ᠳᠤ ᠬᠦᠷᠬᠦ᠎ᠳᠡᠭᠡᠨ ᠮᠧᠢ ᠢᠦᠢ ᠲᠠᠨ ᠴᠣᠩᠬᠢᠶᠠᠯ᠎ᠤᠨ 《ᠨᠣᠭᠤᠭᠠᠨ》᠎ᠢ ᠦᠵᠡᠭᠡᠳ ᠶᠣᠰᠤᠲᠠᠢ ᠶᠡᠬᠡ ᠰᠣᠴᠢᠭᠰᠠᠨ ᠪᠢᠯᠡ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082