|
ᠮᠣᠩᠭᠣᠯ ᠪᠢᠴᠢᠭ᠌
|
ᠨᠢᠭᠡ᠂ ᠮᠣᠩᠭᠤᠯ ᠪᠢᠴᠢᠭ᠌ ᠦᠨ ᠺᠣᠮᠫᠢᠦ᠋ᠲ᠋ᠧᠷᠴᠢᠯᠡᠯ ᠦᠨ ᠲᠤᠬᠠᠢ
ᠮᠣᠩᠭᠤᠯ ᠪᠢᠴᠢᠭ᠌ ᠤᠨ ᠺᠣᠮᠫᠢᠦ᠋ᠲ᠋ᠧᠷᠴᠢᠯᠡᠯ ᠦᠨ ᠰᠤᠳᠤᠯᠤᠯ ᠢ ᠬᠣᠷᠢᠭᠠᠳ ᠵᠢᠯ ᠦᠨ ᠡᠮᠦᠨ᠎ᠡ᠂ 1982-3 ᠣᠨ ᠤ ᠦᠶ᠎ᠡ ᠡᠴᠡ ᠡᠬᠢᠯᠡᠭᠰᠡᠨ ᠪᠠᠢᠢᠨ᠎ᠠ᠃ ᠬᠠᠮᠤᠭ ᠠᠩᠬᠠᠨ ᠤ ᠰᠤᠳᠤᠯᠤᠨ ᠭᠠᠷᠭᠠᠭᠰᠠᠨ ᠰᠢᠰᠲ᠋ᠧᠮ ᠭᠡᠪᠡᠯ IBM-PC ᠳᠡᠭᠡᠷᠡᠬᠢ ᠮᠣᠩᠭᠤᠯ ᠪᠢᠴᠢᠭ᠌ ᠢ ᠢᠯᠡᠷᠡᠭᠦᠯᠬᠦ«ᠮᠣᠩᠭᠤᠯ DOS»ᠰᠢᠰᠲ᠋ᠧᠮ ᠪᠣᠯᠤᠨ ᠮᠣᠩᠭᠤᠯ ᠪᠢᠴᠢᠭ᠌ ᠶᠢᠡᠷ ᠪᠢᠴᠢᠬᠦ ᠰᠤᠹᠲ WordStar ᠵᠡᠷᠭᠡ ᠪᠣᠯᠤᠨ᠎ᠠ᠃
ᠲᠡᠭᠦᠨ ᠤ ᠳᠠᠷᠠᠭ᠎ᠠ᠂ ᠮᠣᠩᠭᠤᠯ ᠪᠢᠴᠢᠭ᠌ ᠦᠨ«ᠬᠡᠪᠯᠡᠯ ᠦᠨ ᠰᠢᠰᠲ᠋ᠧᠮ» ᠭᠠᠷᠴᠤ ᠢᠷᠡᠪᠡ᠃ ᠮᠣᠩᠭᠤᠯ ᠪᠢᠴᠢᠭ᠌ ᠦᠨ«ᠬᠡᠪᠯᠡᠯ ᠦᠨ ᠰᠢᠰᠲ᠋ᠧᠮ»᠊ ᠳᠦ«ᠰᠢᠩ ᠬᠠᠨ»᠂«ᠹᠠᠩᠵᠧᠩ»᠂«ᠬᠤᠸᠠ ᠭᠤᠸᠠᠩ» ᠵᠡᠷᠭᠡ ᠰᠢᠰᠲ᠋ᠧᠮ ᠪᠠᠭᠲᠠᠭᠳᠠᠵᠤ ᠪᠠᠢᠢᠨ᠎ᠠ᠃ ᠲᠡᠭᠦᠨ ᠦ ᠳᠣᠲᠤᠷ᠎ᠠ᠂«ᠹᠠᠩᠵᠧᠩ»᠂«ᠬᠤᠸᠠ ᠭᠤᠸᠠᠩ» ᠬᠣᠶᠠᠷ ᠰᠢᠰᠲ᠋ᠧᠮ ᠨᠢ ᠤᠷᠲᠤ ᠬᠤᠭᠤᠴᠠᠭ᠎ᠠ ᠬᠡᠷᠡᠭᠯᠡᠭᠳᠡᠵᠦ᠂«ᠹᠠᠩᠵᠧᠩ» ᠰᠢᠰᠲ᠋ᠧᠮ ᠨᠢ ᠬᠠᠮᠤᠭ ᠥᠷᠭᠡᠨ ᠬᠡᠪᠴᠢᠶ᠎ᠡ ᠪᠡᠷ ᠬᠡᠷᠡᠭᠯᠡᠭᠳᠡᠵᠦ ᠪᠠᠢᠢᠨ᠎ᠠ᠃ ᠬᠡᠪᠯᠡᠯ ᠦᠨ ᠬᠣᠷᠢᠶ᠎ᠠ᠂ ᠰᠣᠨᠢᠨ ᠰᠡᠳᠭᠦᠯ᠂ ᠠᠯᠪᠠᠨ ᠪᠠᠢᠢᠭᠤᠯᠤᠯᠭ᠎ᠠ ᠶᠢᠨ ᠣᠯᠠᠩᠬᠢ ᠨᠢ ᠪᠦᠷ«ᠹᠠᠩᠵᠧᠩ»ᠰᠢᠰᠲ᠋ᠧᠮ ᠢ ᠬᠡᠷᠡᠭᠯᠡᠵᠦ ᠪᠠᠢᠢᠨ᠎ᠠ᠃
ᠨᠠᠶᠠᠭᠠᠳ ᠣᠨ ᠤ ᠰᠡᠭᠦᠯᠴᠢ ᠪᠣᠯᠲᠠᠯ᠎ᠠ᠂«ᠦᠰᠦᠭ᠌ ᠣᠷᠤᠭᠤᠯᠬᠤ ᠰᠤᠹᠲ»(WPS)᠂«ᠲᠣᠭᠠᠨ ᠤ ᠬᠥᠮᠦᠷᠭᠡ ᠶᠢᠨ ᠰᠤᠹᠲ»᠂«ᠮᠣᠩᠭᠤᠯ ᠡᠮᠨᠡᠯᠭᠡ ᠶᠢᠨ ᠡᠪᠡᠳᠴᠢᠨ ᠲᠣᠳᠤᠯᠠᠬᠤ ᠰᠢᠰᠲ᠋ᠧᠮ» ᠵᠡᠷᠭᠡ ᠣᠯᠠᠨ ᠵᠦᠢᠯ ᠦᠨ ᠰᠢᠰᠲ᠋ᠧᠮ ᠢ ᠰᠤᠳᠤᠯᠤᠨ ᠪᠦᠲᠦᠭᠡᠵᠦ ᠬᠡᠷᠡᠭᠯᠡᠭᠡᠨ ᠳᠦ ᠣᠷᠤᠭᠤᠯᠵᠠᠢ᠃
ᠶᠢᠷᠡᠭᠡᠳ ᠣᠨ ᠪᠣᠯᠵᠤ ᠢᠷᠡᠬᠦ ᠳᠦ᠂«ᠣᠯᠠᠨ ᠬᠡᠯᠡᠨ ᠦ ᠬᠣᠯᠢᠯᠳᠤᠭᠰᠠᠨ MK-DOS ᠰᠢᠰᠲ᠋ᠧᠮ»᠂«ᠮᠣᠩᠭᠤᠯ ᠬᠡᠯᠡᠨ ᠦ ᠵᠠᠭᠤᠨ ᠲᠦᠮᠡᠨ ᠦᠭᠡ ᠳᠠᠪᠲᠠᠮᠵᠢ ᠶᠢᠨ ᠪᠦᠷᠢᠳᠭᠡᠯ»᠂«ᠮᠣᠩᠭᠤᠯ ᠪᠢᠴᠢᠭ᠌ ᠦᠨ ᠰᠤᠹᠲ ᠬᠢᠬᠦ ᠪᠠᠭᠠᠵᠢ»᠂«ᠠᠯᠪᠠᠨ ᠪᠠᠢᠢᠭᠤᠯᠤᠯᠭ᠎ᠠ ᠶᠢᠨ ᠪᠢᠴᠢᠭ᠌ ᠮᠠᠲ᠋ᠧᠷᠢᠶᠠᠯ ᠬᠠᠳᠠᠭᠠᠯᠠᠬᠤ ᠰᠢᠰᠲ᠋ᠧᠮ»᠂«ᠨᠣᠮ ᠤᠨ ᠰᠠᠩ ᠤᠨ ᠨᠣᠮ ᠪᠢᠴᠢᠭ᠌ ᠦᠨ ᠲᠣᠭᠠᠨ ᠤ ᠬᠥᠮᠦᠷᠭᠡ»᠂«ᠮᠣᠩᠭᠤᠯ ᠬᠡᠯᠡᠨ ᠦ ᠵᠠᠭᠤᠨ ᠲᠦᠮᠡᠨ ᠦᠭᠡ ᠶᠢᠨ ᠬᠥᠮᠦᠷᠭᠡ» ᠵᠡᠷᠭᠡ ᠮᠣᠩᠭᠤᠯ ᠰᠢᠰᠲ᠋ᠧᠮ ᠣᠯᠠᠨ ᠭᠠᠷᠴᠤ ᠢᠷᠡᠵᠡᠢ᠃
1995 ᠣᠨ ᠳᠤ Windows 95 ᠭᠠᠷᠴᠤ ᠢᠷᠡᠭᠰᠡᠨ ᠡᠴᠡ ᠬᠣᠢᠢᠰᠢ᠂ ᠮᠣᠩᠭᠤᠯ ᠰᠢᠰᠲ᠋ᠧᠮ ᠬᠢᠬᠦ ᠠᠷᠭ᠎ᠠ ᠨᠡᠯᠢᠶᠡᠳ ᠳᠥᠬᠦᠮ ᠪᠣᠯᠵᠤ᠂ ᠮᠣᠩᠭᠤᠯ ᠦᠰᠦᠭ ᠦᠨ ᠲᠢᠭ᠌ ( True Type )ᠪᠣᠯᠤᠨ ᠮᠣᠩᠭᠤᠯ ᠪᠢᠴᠢᠭ᠌ ᠣᠷᠤᠭᠤᠯᠬᠤ ᠠᠷᠭ᠎ᠠ ᠬᠢᠪᠡᠯ Windows ᠳᠡᠭᠡᠷ᠎ᠡ ᠮᠣᠩᠭᠤᠯ ᠪᠢᠴᠢᠭ᠌ ᠢ ᠭᠠᠷᠭᠠᠵᠤ ᠴᠢᠳᠠᠬᠤ ᠪᠣᠯᠵᠠᠢ᠃ ᠡᠨᠡ ᠠᠷᠭ᠎ᠠ ᠪᠠᠷ ᠬᠢᠭ᠌ᠰᠡᠨ ᠰᠢᠰᠲ᠋ᠧᠮ ᠮᠠᠰᠢ ᠣᠯᠠᠨ ᠪᠠᠢᠢᠨ᠎ᠠ᠃«ᠹᠠᠩᠵᠧᠩ»᠂«ᠮᠥᠩᠬᠡ ᠭᠠᠯ»᠂«ᠰᠠᠢᠢᠨ»᠂«ᠮᠢᠩᠭᠠᠨᠲᠤ»᠂«ᠵᠢᠷᠤᠮᠲᠤ»᠂«ᠮᠣᠩᠭᠤᠯ ᠰᠣᠶᠣᠯ»᠂«ᠬᠠᠰ»᠂«ᠮᠣᠩᠭᠤᠯ ᠤᠨ CM» ᠭᠡᠬᠦ ᠮᠡᠲᠦ ᠶᠢᠨ ᠰᠢᠰᠲ᠋ᠧᠮ ᠨᠤᠭᠦᠳ ᠨᠡᠢᠢᠯᠡᠭᠡᠳ ᠭᠤᠴᠢ ᠳᠥᠴᠢᠨ ᠲᠥᠷᠦᠯ ᠪᠠᠢᠢᠬ᠎ᠠ᠃
ᠬᠣᠶᠠᠷ᠂ ᠮᠣᠩᠭᠤᠯ ᠰᠢᠰᠲ᠋ᠧᠮ ᠦᠳ ᠤᠨ ᠠᠰᠠᠭᠤᠳᠠᠯ
ᠣᠳᠣ ᠬᠡᠳᠦᠢᠢᠪᠡᠷ ᠮᠣᠩᠭᠤᠯ ᠰᠢᠰᠲ᠋ᠧᠮ ᠣᠯᠠᠨ ᠪᠠᠢᠢᠬᠤ ᠪᠣᠯᠪᠠᠴᠤ᠂ᠡᠯ᠎ᠡ ᠵᠦᠢᠯ ᠦᠨ ᠰᠢᠰᠲ᠋ᠧᠮ ᠳᠦ ᠨᠢᠭᠡᠲᠦᠯᠲᠡᠢ ᠪᠠᠷᠢᠮᠵᠢᠶ᠎ᠠ ᠭᠡᠵᠦ ᠦᠭᠡᠢ ᠪᠣᠯᠬᠣᠷ ᠳᠡᠭᠡᠷᠡᠬᠢ ᠣᠯᠠᠨ ᠰᠢᠰᠲ᠋ᠧᠮ ᠪᠦᠷ ᠥᠪᠡᠷ ᠥᠪᠡᠷ ᠦᠨ ᠣᠨᠴᠤᠭᠤᠢ ᠦᠰᠦᠭ᠌ ᠦᠨ ᠺᠣᠳ᠋ ᠢ ᠬᠡᠷᠡᠭᠯᠡᠵᠦ᠂ ᠬᠣᠭᠤᠷᠤᠨᠳᠤ ᠪᠠᠨ ᠨᠡᠪᠲᠡᠷᠡᠯᠴᠡᠵᠦ ᠴᠢᠳᠠᠬᠤ ᠦᠭᠡᠢ ᠪᠥᠭᠡᠳ ᠣᠷᠤᠭᠤᠯᠤᠭᠰᠠᠨ ᠠᠭᠤᠯᠭ᠎ᠠ ᠪᠠᠨ ᠬᠠᠷᠢᠯᠴᠠᠨ ᠰᠣᠯᠢᠯᠴᠠᠵᠤ ᠴᠢᠳᠠᠬᠤ ᠦᠭᠡᠢ ᠪᠠᠢᠢᠨ᠎ᠠ᠃ ᠡᠯ᠎ᠡ ᠰᠢᠰᠲ᠋ᠧᠮ ᠦᠨ ᠲᠧᠭ᠍ᠨᠢᠭ᠌ ᠦᠨ ᠮᠠᠲ᠋ᠧᠷᠢᠶᠠᠯ ᠨᠢ ᠭᠦᠢᠴᠡᠳ ᠦᠭᠡᠢ᠂ᠠᠯᠢ ᠰᠢᠰᠲ᠋ᠧᠮ ᠨᠢ ᠴᠦ ᠳᠡᠯᠭᠡᠷᠡᠭᠦᠯᠦᠨ ᠬᠡᠷᠡᠭᠯᠡᠭᠳᠡᠬᠦ ᠬᠡᠮᠵᠢᠶᠡᠨ ᠳᠦ ᠬᠦᠷᠦᠭᠡ ᠦᠭᠡᠢ᠂ ᠠᠯᠢ ᠰᠢᠰᠲ᠋ᠧᠮ ᠨᠢ ᠴᠦ ᠳᠠᠪᠠᠭᠤᠯᠢᠭ ᠲᠠᠯ᠎ᠠ ᠪᠠ ᠳᠤᠲᠠᠭᠳᠠᠯ ᠲᠠᠢ᠂ ᠡᠯ᠎ᠡ ᠰᠢᠰᠲ᠋ᠧᠮ ᠨᠢ ᠬᠠᠷᠢᠯᠴᠠᠨ ᠨᠥᠬᠦᠪᠦᠷᠢᠯᠡᠵᠦ ᠴᠢᠳᠠᠬᠤ ᠦᠭᠡᠢ᠃ ᠲᠤᠰᠭᠠᠢᠯᠠᠭᠰᠠᠨ ᠪᠠᠷᠢᠮᠵᠢᠶᠠᠲᠤ ᠰᠢᠰᠲ᠋ᠧᠮ ᠦᠭᠡᠢ ᠡᠢᠢᠮᠦᠷᠬᠦ ᠪᠠᠢᠢᠳᠠᠯ ᠣᠳᠣ ᠪᠣᠯᠲᠠᠯ᠎ᠠ ᠥᠷᠭᠦᠯᠵᠢᠯᠡᠭᠰᠡᠭᠡᠷ ᠢᠷᠡᠯ᠎ᠡ᠃
ᠨᠡᠩ ᠢᠯᠠᠩᠭᠤᠶ᠎ᠠ᠂ 2000 ᠣᠨ ᠪᠣᠯᠵᠤ ᠢᠷᠡᠭᠡᠳ ᠲᠣᠣᠷ ᠰᠦᠯᠵᠢᠶ᠎ᠡ ᠥᠳᠲᠡᠷ ᠲᠦᠷᠭᠡᠨ ᠬᠥᠭᠵᠢᠵᠦ᠂ ᠬᠥᠮᠦᠰ ᠬᠣᠭᠤᠷᠤᠨᠳᠤ ᠪᠠᠨ ᠰᠦᠯᠵᠢᠶᠡᠨ ᠳᠡᠭᠡᠷ᠎ᠡ ᠬᠠᠷᠢᠴᠠᠭ᠎ᠠ ᠬᠣᠯᠪᠤᠭ᠎ᠠ ᠠᠪᠬᠤ ᠰᠢᠨ᠎ᠡ ᠡᠷᠡᠨ ᠳᠦ ᠳᠠᠪᠰᠢᠨ ᠣᠷᠤᠪᠠ᠃ ᠺᠣᠮᠫᠢᠦ᠋ᠲ᠋ᠧᠷ ᠶᠢᠡᠷ ᠢᠮᠧᠯ ᠬᠦᠷᠭᠡᠬᠦ᠂ ᠲᠣᠣᠷ ᠰᠦᠯᠵᠢᠶᠡᠨ ᠡᠴᠡ ᠡᠯ᠎ᠡ ᠵᠦᠢᠯ ᠦᠨ ᠴᠢᠮᠡᠭᠡ ᠰᠤᠷᠠᠭ ᠡᠷᠢᠬᠦ᠂ ᠰᠦᠯᠵᠢᠶ᠎ᠡ ᠪᠡᠷ ᠳᠠᠮᠵᠢᠨ ᠴᠢᠯᠦᠭᠡᠲᠡᠢ ᠶᠠᠷᠢᠯᠴᠠᠬᠤ᠂ ᠪᠣᠯᠵᠤᠭ᠎ᠠ ᠵᠠᠬᠢᠶ᠎ᠠ ᠶᠠᠪᠤᠭᠤᠯᠬᠤ ᠵᠡᠷᠭᠡ ᠨᠢ ᠨᠡᠢᠢᠭᠡᠮ ᠨᠡᠢᠢᠲᠡ ᠳᠦ ᠥᠷᠭᠡᠨ ᠬᠡᠪᠴᠢᠶ᠎ᠡ ᠪᠡᠷ ᠬᠡᠷᠡᠭᠯᠡᠭᠳᠡᠵᠦ ᠪᠠᠢᠢᠭ᠎ᠠ ᠡᠢᠢᠮᠦᠷᠬᠦ ᠺᠣᠮᠫᠢᠦ᠋ᠲ᠋ᠧᠷ ᠦᠨ ᠴᠠᠭ ᠦᠶ᠎ᠡ ᠳᠤ᠂ ᠮᠣᠩᠭᠤᠯ ᠬᠡᠯᠡ ᠪᠡᠷ ᠶᠢᠡᠨ ᠬᠠᠷᠢᠯᠴᠠᠶ᠎ᠠ᠂ ᠮᠣᠩᠭᠤᠯ ᠶᠢᠡᠷ ᠢᠮᠧᠯ ᠶᠠᠪᠤᠭᠤᠯᠤᠶ᠎ᠠ᠂ ᠮᠣᠩᠭᠤᠯ ᠶᠢᠡᠷ ᠰᠦᠯᠵᠢᠶᠡᠨ ᠡᠴᠡ ᠡᠷᠢᠶ᠎ᠡ ᠭᠡᠳᠡᠭ ᠮᠠᠨ ᠤ ᠮᠣᠩᠭᠤᠯᠴᠤᠳ ᠤᠨ ᠬᠦᠰᠡᠯ ᠨᠢ 2010 ᠣᠨ ᠪᠣᠯᠲᠠᠯ᠎ᠠ ᠬᠣᠭᠤᠰᠤᠨ ᠬᠡᠪ ᠶᠢᠡᠷ ᠶᠢᠡᠨ ᠪᠠᠢᠢᠪᠠ᠃ ᠡᠭᠦᠨ ᠦ ᠥᠨᠳᠦᠰᠦᠨ ᠰᠢᠯᠲᠠᠭᠠᠨ ᠨᠢ ᠭᠡᠪᠡᠯ ᠮᠣᠩᠭᠤᠯ ᠪᠢᠴᠢᠭ᠌ ᠦᠨ ᠪᠠᠷᠢᠮᠵᠢᠶᠠᠨ ᠤ ᠠᠰᠠᠭᠤᠳᠠᠯ ᠪᠣᠯᠤᠨ᠎ᠠ᠃ᠨᠢᠭᠡ ᠯᠡ ᠦᠭᠡ ᠪᠡᠷ ᠬᠡᠯᠡᠪᠡᠯ᠂«ᠪᠠᠷᠢᠮᠵᠢᠶ᠎ᠠ ᠦᠭᠡᠢ ᠪᠣᠯ ᠮᠣᠩᠭᠤᠯ ᠪᠢᠴᠢᠭ᠌ ᠦᠨ ᠰᠢᠰᠲ᠋ᠧᠮ ᠦᠨ ᠠᠰᠠᠭᠤᠳᠠᠯ ᠢ ᠥᠨᠳᠦᠰᠦᠨ ᠡᠴᠡ ᠨᠢ ᠰᠢᠢᠳᠪᠦᠷᠢᠯᠡᠵᠦ ᠴᠢᠳᠠᠬᠤ ᠦᠭᠡᠢ᠃»
ᠭᠤᠷᠪᠠ᠂ ᠮᠣᠩᠭᠤᠯ ᠦᠰᠦᠭ ᠦᠨ ᠪᠠᠷᠢᠮᠵᠢᠶ᠎ᠠ
ᠮᠣᠩᠭᠤᠯ ᠦᠰᠦᠭ᠌ ᠦᠨ ᠪᠠᠷᠢᠮᠵᠢᠶ᠎ᠠ ᠶᠢ ᠬᠡᠯᠡᠪᠡᠯ᠂ 1987 ᠣᠨ ᠳ᠋ᠤ ᠮᠠᠨ ᠤ ᠤᠯᠤᠰ ᠤᠨ ᠪᠠᠷᠢᠮᠵᠢᠶ᠎ᠡ-8045 ᠭᠡᠵᠦ ᠪᠠᠢᠢᠵᠠᠢ᠃ ᠭᠡᠪᠡᠴᠦ ᠡᠯ᠎ᠡ ᠵᠦᠢᠯ ᠦᠨ ᠰᠢᠯᠲᠠᠭᠠᠨ ᠡᠴᠡ ᠪᠣᠯᠵᠤ ᠳᠡᠯᠭᠡᠷᠨᠩᠭᠦᠢ ᠬᠡᠷᠡᠭᠯᠡᠭᠳᠡᠭᠰᠡᠨ ᠦᠭᠡᠢ᠃
ᠮᠣᠩᠭᠤᠯ ᠦᠰᠦᠭ ᠦᠨ ᠣᠯᠠᠨ ᠤᠯᠤᠰ ᠤᠨ ᠪᠠᠷᠢᠮᠵᠢᠶ᠎ᠠ ᠲᠣᠭᠲᠠᠭᠠᠬᠤ ᠠᠵᠢᠯ - ᠮᠣᠩᠭᠤᠯ ᠦᠰᠦᠭ᠌ ᠢ ᠣᠯᠠᠨ ᠤᠯᠤᠰ ᠤᠨ ᠪᠠᠷᠢᠮᠵᠢᠶ᠎ᠠ ISO 10646 (Unicode) ᠳ᠋ᠤ ᠣᠷᠤᠭᠤᠯᠬᠤ ᠰᠤᠳᠤᠯᠭᠠᠨ ᠤ ᠠᠵᠢᠯ 1993 ᠣᠨ ᠡᠴᠡ ᠡᠬᠢᠯᠡᠭᠰᠡᠨ ᠶᠤᠮ᠃ ᠡᠨᠡᠬᠦ ᠰᠤᠳᠤᠯᠭᠠᠨ ᠤ ᠠᠵᠢᠯ ᠳ᠋ᠤ ᠥᠪᠦᠷ ᠮᠣᠩᠭᠤᠯ᠂ ᠪᠡᠭᠡᠵᠢᠩ᠂ ᠰᠢᠨᠵᠢᠶᠠᠩ᠂ ᠮᠣᠩᠭᠤᠯ ᠤᠯᠤᠰ᠂ ᠭ᠌ᠧᠷᠮᠠᠨ ᠵᠡᠷᠭᠡ ᠤᠯᠤᠰ ᠣᠷᠤᠨ ᠤ ᠡᠷᠳᠡᠮᠲᠡᠳ ᠪᠠ ᠪᠠᠷᠢᠮᠵᠢᠶ᠎ᠠ ᠬᠡᠷᠡᠭᠯᠡᠯ ᠦᠨ ᠶᠠᠮᠤᠨ ᠤ ᠮᠡᠷᠭᠡᠵᠢᠯᠲᠡᠳ ᠣᠷᠤᠯᠴᠠᠭᠰᠠᠨ ᠪᠠᠢᠢᠨ᠎ᠠ᠃ ᠪᠢ ᠪᠠᠰᠠ 1998 ᠣᠨ ᠳᠤ ᠶᠠᠫᠤᠨ ᠳᠤ ᠢᠷᠡᠬᠦ ᠪᠣᠯᠲᠠᠯ᠎ᠠ ᠲᠤᠰ ᠰᠤᠳᠤᠯᠭᠠᠨ ᠳᠤ ᠤᠷᠤᠯᠴᠠᠵᠤ ᠪᠠᠢᠢᠵᠠᠢ᠃
ᠮᠣᠩᠭᠤᠯ ᠦᠰᠦᠭ᠌ ᠦᠨ ᠣᠯᠠᠨ ᠤᠯᠤᠰ ᠤᠨ ᠪᠠᠷᠢᠮᠵᠢᠶ᠎ᠠ 1999 ᠣᠨ ᠳᠤ ISO ᠳ᠋ᠤ ᠦᠨᠡᠯᠡᠭᠳᠡᠵᠦ᠂ Unicode 3.0 ᠳ᠋ᠤ ᠲᠡᠮᠳᠡᠭᠯᠡᠭᠳᠡᠵᠡᠢ᠃ ᠡᠨᠡ ᠬᠦ ᠪᠠᠷᠢᠮᠵᠢᠶ᠎ᠠ ᠨᠢ ᠬᠡᠳᠦᠨ ᠤᠯᠤᠰ ᠣᠷᠤᠨ ᠤ ᠡᠷᠳᠡᠮᠲᠡᠳ ᠦᠨ ᠵᠢᠷᠭᠤᠭ᠎ᠠ ᠳᠣᠯᠤᠭᠠᠨ ᠵᠢᠯ ᠦᠨ ᠴᠢᠷᠮᠠᠢᠢᠯᠭ᠎ᠠ ᠶᠢᠨ ᠦᠷ᠎ᠡ ᠳ᠋ᠦᠩ ᠪᠢᠯᠡ᠃
ᠭᠡᠪᠡᠴᠦ᠂ ᠲᠤᠬᠠᠢ ᠶᠢᠨ ᠦᠶ᠎ᠡ ᠶᠢᠨ ᠮᠣᠩᠭᠤᠯ ᠦᠰᠦᠭ᠌ ᠦᠨ ᠣᠯᠠᠨ ᠤᠯᠤᠰ ᠤᠨ ᠪᠠᠷᠢᠮᠵᠢᠶ᠎ᠠ ᠨᠢ ᠵᠥᠪᠬᠡᠨ ᠮᠣᠩᠭᠤᠯ᠂ ᠲᠣᠳᠤ᠂ ᠮᠠᠨᠵᠤ᠂ ᠰᠢᠪᠡᠭᠡ᠂ ᠠᠯᠢ ᠭᠠᠯᠢ ᠦᠰᠦᠭ᠌ ᠦᠨ ᠤᠭ ᠳᠦᠷᠰᠦ ᠳ᠋ᠦ ᠯᠡ ᠺᠣᠳ᠋ ᠥᠭᠴᠦ᠂ ᠮᠣᠩᠭᠤᠯ ᠦᠰᠦᠭ᠌ ᠦᠨ ᠬᠤᠪᠢᠷᠠᠯ ᠦᠰᠦᠭ᠌ ᠲᠦ ᠺᠣᠳ᠋ ᠥᠭᠭᠦᠭᠰᠡᠨ ᠦᠭᠡᠢ ᠪᠠᠢᠢᠵᠠᠢ᠃ ᠡᠭᠦᠨ ᠡᠴᠡ ᠪᠣᠯᠤᠭᠠᠳ᠂ ᠮᠣᠩᠭᠤᠯ ᠦᠰᠦᠭ᠌ ᠦᠨ ᠣᠯᠠᠨ ᠤᠯᠤᠰ ᠤᠨ ᠪᠠᠷᠢᠮᠵᠢᠶᠠᠨ ᠤ ᠰᠢᠰᠲ᠋ᠧᠮ ᠬᠢᠬᠦ ᠠᠷᠭ᠎ᠠ ᠨᠢ ᠲᠤᠩ ᠬᠦᠴᠢᠷ ᠶᠠᠪᠤᠳᠠᠯ ᠪᠣᠯᠵᠠᠢ᠃ ᠲᠤᠬᠠᠢ ᠶᠢᠨ ᠦᠶ᠎ᠡ ᠳ᠋ᠦ᠂ ᠮᠠᠨ ᠤ ᠮᠣᠩᠭᠤᠯ ᠦᠰᠦᠭ᠌ ᠦᠨ ᠪᠠᠷᠢᠮᠵᠢᠶ᠎ᠠ ᠶᠢ ᠰᠢᠰᠲ᠋ᠧᠮᠴᠢᠯᠡᠬᠦ ᠠᠷᠭ᠎ᠠ ᠨᠢ ᠴᠤ ᠪᠠᠢᠢᠭ᠎ᠠ ᠦᠭᠡᠢ ᠪᠠᠢᠢᠵᠤ᠂OS ᠬᠢᠳᠡᠭ ᠡᠯ᠎ᠡ ᠲᠣᠮᠤ ᠺᠣᠮᠫᠠᠨᠢ ᠴᠤ ᠰᠤᠳᠤᠯᠭᠠᠨ ᠤ ᠬᠤᠭᠤᠴᠠᠭᠠᠨ ᠳ᠋ᠠᠭᠠᠨ ᠪᠠᠢᠢᠭᠰᠠᠨ ᠪᠤᠯᠬᠤᠷ᠂ ᠣᠯᠠᠨ ᠤᠯᠤᠰ ᠤᠨ ᠪᠠᠷᠢᠮᠵᠢᠶ᠎ᠠ ᠨᠢ ᠬᠡᠳᠦᠢᠢᠪᠡᠷ ᠲᠣᠭᠲᠠᠭᠠᠭᠳᠠᠭᠰᠠᠨ ᠪᠣᠯᠪᠠᠴᠤ᠂ ᠣᠯᠠᠨ ᠤ ᠬᠡᠷᠡᠭᠯᠡᠵᠦ ᠪᠠᠢᠢᠭᠰᠠᠨ ᠰᠢᠰᠲ᠋ᠧᠮ ᠨᠢ ᠪᠦᠷ ᠪᠠᠷᠢᠮᠵᠢᠶ᠎ᠠ ᠪᠣᠰᠤ ᠰᠢᠰᠲ᠋ᠧᠮ ᠪᠠᠢᠢᠵᠠᠢ᠃
2007 ᠤᠨ ᠳᠤ ᠮᠣᠩᠭᠤᠯ ᠦᠰᠦᠭ ᠦᠨ ᠪᠠᠷᠢᠮᠵᠢᠶ᠎ᠠ ᠶᠢ Windows Vista ᠭᠡᠳᠡᠭ ᠰᠢᠰᠲ᠋ᠧᠮ ᠳᠦ ᠳᠠᠬᠢᠨ ᠡᠬᠢᠯᠡᠵᠦ ᠬᠢᠭ᠍ᠰᠡᠨ ᠪᠠᠢᠢᠨ᠎ᠠ᠃ ᠬᠠᠷᠠᠮᠰᠠᠯᠲᠠᠢ ᠨᠢ᠂Windows Vista ᠭᠡᠳᠡᠭ ᠰᠢᠰᠲ᠋ᠧᠮ ᠨᠢ ᠳᠤᠲᠠᠭᠳᠠᠯ ᠲᠠᠢ ᠲᠠᠯ᠎ᠠ ᠣᠯᠠᠨ ᠪᠣᠯᠬᠣᠷ ᠤᠯᠠᠩᠬᠢ ᠬᠥᠮᠤᠰ ᠬᠡᠷᠡᠭᠯᠡᠬᠦ ᠪᠡᠨ ᠵᠣᠭᠰᠤᠵᠤ᠂ ᠤᠭ ᠤᠨ ᠬᠡᠷᠡᠭᠯᠡᠵᠦ ᠪᠠᠢᠢᠭᠰᠠᠨ Windows XP ᠪᠠᠨ ᠬᠡᠷᠡᠭᠯᠡᠬᠦ ᠦᠵᠡᠭᠳᠡᠯ ᠴᠥᠬᠡᠨ ᠪᠣᠰᠤ ᠪᠠᠢᠢᠵᠠᠢ᠃ᠡᠢᠢᠮᠦ ᠤᠴᠢᠷ ᠡᠴᠡ ᠪᠠᠷᠢᠮᠵᠢᠶᠠᠲᠤ ᠮᠣᠩᠭᠤᠯ ᠪᠢᠴᠢᠭ᠌ ᠦᠨ ᠰᠢᠰᠲ᠋ᠧᠮ ᠦᠨ ᠵᠢᠨᠬᠢᠨᠢ ᠪᠡᠷ ᠬᠡᠷᠡᠭᠯᠡᠭᠡᠨ ᠳᠦ ᠤᠷᠤᠵᠤ ᠴᠢᠳᠠᠭᠰᠠᠨ ᠨᠢ 2010 ᠣᠨ ᠳᠤ Windows 7 ᠭᠠᠷᠴᠤ ᠢᠷᠡᠭᠰᠡᠨ ᠡᠴᠡ ᠬᠣᠢᠢᠰᠢᠬᠢ ᠶᠠᠪᠤᠳᠠᠯ ᠪᠣᠯᠤᠨ᠎ᠠ᠃ ᠥᠭᠡᠷ᠎ᠡ ᠪᠡᠷ ᠬᠡᠯᠡᠪᠡᠯ᠂ᠮᠣᠩᠭᠤᠯ ᠦᠰᠦᠭ ᠦᠨ ᠪᠠᠷᠢᠮᠵᠢᠶ᠎ᠠ ᠶᠢ ᠰᠤᠳᠤᠯᠤᠨ ᠬᠢᠬᠦ ᠡᠴᠡ ᠬᠡᠷᠡᠭᠯᠡᠭᠡᠨ ᠳ᠋ᠦ ᠣᠷᠤᠲᠠᠯ᠎ᠠ 10 ᠬᠡᠳᠦᠨ ᠵᠢᠯ ᠦᠨ ᠨᠢᠭᠤᠷ ᠢ ᠦᠵᠡᠵᠡᠢ᠃
ᠪᠢᠳᠡ 2011 ᠣᠨ ᠡᠴᠡ ᠴᠢᠯᠦᠭᠡ ᠴᠠᠭ ᠢᠢᠡᠷ ᠶᠢᠡᠨ ᠣᠯᠠᠨ ᠤᠯᠤᠰ ᠤᠨ ᠪᠠᠷᠢᠮᠵᠢᠶᠠᠲᠤ ᠮᠣᠩᠭᠤᠯ ᠰᠢᠰᠲ᠋ᠧᠮ ᠬᠢᠵᠤ ᠡᠬᠢᠯᠡᠵᠡᠢ᠃ᠪᠢᠳᠡ ᠭᠠᠭᠴᠠᠬᠠᠨ Windows ᠳᠡᠭᠡᠷ᠎ᠡ ᠪᠢᠰᠢ᠂ ᠤᠯᠠᠨ ᠵᠦᠢᠯ ᠤᠨ ᠮᠠᠰᠢᠨ ᠳᠡᠭᠡᠷ᠎ᠡ ᠪᠦᠷ ᠬᠢᠵᠦ ᠪᠠᠢᠢᠨ᠎ᠠ᠃
ᠬᠠᠮᠤᠭ ᠤᠨ ᠡᠬᠢᠨ ᠳ᠋ᠡᠭᠡᠨ Mac OS X ᠪᠠ iOS (iPad. iPhone. iPod Touch) ᠳᠡᠭᠡᠷ᠎ᠡ ᠬᠢᠵᠡᠢ᠃ ᠲᠡᠭᠦᠨ ᠦ ᠳᠠᠷᠠᠭ᠎ᠠ ᠪᠠᠷ ᠨᠢ Android ᠳᠡᠭᠡᠷ᠎ᠡ ᠴᠦ ᠬᠢᠵᠦ ᠪᠠᠢᠢᠨ᠎ᠠ᠃ ᠡᠭᠦᠨ ᠡᠴᠡ ᠬᠤᠢᠢᠰᠢ᠂ ᠨᠡᠩ ᠣᠯᠠᠨ ᠵᠦᠢᠯ ᠦᠨ ᠮᠠᠰᠢᠨ ᠳᠡᠭᠡᠷ᠎ᠡ᠂ ᠡᠯ᠎ᠡ ᠵᠦᠢᠯ ᠦᠨ ᠰᠤᠹᠲ ᠬᠢᠬᠦ ᠪᠡᠷ ᠴᠢᠷᠮᠠᠢᠢᠵᠤ ᠪᠠᠢᠢᠨ᠎ᠠ᠃
ᠮᠣᠩᠭᠤᠯ ᠦᠰᠦᠭ᠌ ᠦᠨ ᠪᠠᠷᠢᠮᠵᠢᠶ᠎ᠠ ᠶᠢ ᠬᠢᠬᠦ ᠠᠷᠭ᠎ᠠ ᠣᠳᠣᠬᠠᠨ ᠳ᠋ᠠᠭᠠᠨ ᠬᠣᠶᠠᠷ ᠵᠦᠢᠯ ᠪᠠᠢᠢᠨ᠎ᠠ᠃
ᠨᠢᠭᠡ ᠨᠢ᠂ ᠦᠰᠦᠭ ᠤᠨ ᠲᠢᠭ᠌ ᠦᠨ ᠠᠷᠭ᠎ᠠ ᠪᠣᠯᠤᠨ᠎ᠠ᠃ ᠦᠰᠦᠭ᠌ ᠦᠨ ᠲᠢᠭ᠌ ᠦᠨ ᠠᠷᠭ᠎ᠠ ᠨᠢ ᠬᠠᠮᠤᠭ ᠤᠨ ᠥᠨᠳᠦᠰᠦᠨ ᠠᠷᠭ᠎ᠠ ᠪᠣᠯᠤᠨ᠎ᠠ᠃ Windows ᠪᠣᠯ OpenType ᠲᠢᠭ᠌ ᠤᠨ ᠠᠷᠭ᠎ᠠ ᠪᠡᠷ ᠮᠣᠩᠭᠤᠯ ᠰᠢᠰᠲ᠋ᠧᠮ ᠬᠢᠵᠦ ᠪᠠᠢᠢᠨ᠎ᠠ᠃ Mac OS X ᠪᠠ iOS ᠪᠤᠯ AAT ᠲᠢᠭ᠌ ᠤᠨ ᠠᠷᠭ᠎ᠠ ᠶᠢ ᠯᠠ ᠬᠡᠷᠡᠭᠯᠡᠨ᠎ᠡ᠃ ᠭᠡᠪᠡᠴᠦ ᠨᠢᠳᠤᠨᠤᠨ ᠪᠢᠳᠡ AAT ᠮᠣᠩᠭᠤᠯ ᠦᠰᠦᠭ᠌ ᠤᠨ ᠲᠢᠭ᠌ ᠢ ᠬᠢᠬᠦ ᠡᠴᠡ ᠡᠮᠦᠨ᠎ᠡ᠂ MAC ᠪᠠ iOS ᠳᠡᠭᠡᠷ᠎ᠡ ᠬᠡᠨ ᠴᠦ ᠣᠯᠠᠨ ᠤᠯᠤᠰ ᠤᠨ ᠪᠠᠷᠢᠮᠵᠢᠶᠠᠲᠤ ᠮᠣᠩᠭᠤᠯ ᠰᠢᠰᠲ᠋ᠧᠮ ᠬᠢᠭᠡ ᠦᠭᠡᠢ ᠪᠠᠢᠢᠵᠠᠢ᠃
ᠬᠣᠶᠠᠷ ᠨᠢ᠂ ᠲᠤᠰᠭᠠᠢ ᠰᠤᠹᠲ ᠤᠨ ᠥᠪᠡᠷᠲᠡᠭᠡᠨ ᠰᠢᠢᠳᠪᠦᠷᠢᠯᠡᠬᠦ ᠠᠷᠭ᠎ᠠ ᠪᠣᠯᠤᠨ᠎ᠠ᠃ᠡᠨᠡ ᠠᠷᠭ᠎ᠠ ᠪᠠᠷ ᠬᠢᠬᠦ ᠳ᠋ᠡᠭᠡᠨ᠂ ᠵᠠᠪᠠᠯ ᠲᠤᠰᠭᠠᠢ ᠳᠦᠷᠰᠦ ᠬᠤᠪᠢᠯᠭᠠᠬᠤ ᠬᠡᠰᠡᠭ ᠪᠠ ᠮᠣᠩᠭᠤᠯ ᠦᠰᠦᠭ᠌ ᠤᠨ ᠬᠤᠪᠢᠯᠪᠤᠷᠢ ᠳᠦᠷᠰᠦ ᠶᠢ ᠦᠰᠦᠭ᠌ ᠤᠨ ᠲᠢᠭ᠌ ᠤᠨ ᠬᠤᠪᠢ ᠶᠢᠨ ᠬᠡᠷᠡᠭᠯᠡᠯ ᠤᠨ ᠪᠦᠯᠦᠭ᠌ (Private Usage Area) ᠲᠦ ᠪᠠᠢᠢᠷᠢᠰᠢᠭᠤᠯᠬᠤ ᠬᠡᠷᠡᠭᠲᠡᠢ᠃ᠮᠠᠨ ᠤ ᠬᠢᠭ᠍ᠰᠡᠨ ᠮᠣᠩᠭᠤᠯ ᠪᠢᠴᠢᠭ᠌ᠯᠡᠭᠦᠷ (MongolPad) ᠪᠣᠯ ᠡᠨᠡ ᠠᠷᠭ᠎ᠠ ᠪᠠᠷ ᠬᠢᠵᠡᠢ᠃
ᠳᠥᠷᠪᠡ᠂ ᠡᠯ᠎ᠡ ᠵᠦᠢᠯ ᠤᠨ ᠮᠠᠰᠢᠨ ᠳᠡᠭᠡᠷᠡᠬᠢ ᠪᠠᠷᠢᠮᠵᠢᠶᠠᠲᠤ ᠮᠣᠩᠭᠤᠯ ᠪᠢᠴᠢᠭ᠌
ᠣᠷᠴᠢᠮ ᠤᠨ ᠵᠢᠯ ᠦᠳ ᠲᠦ ᠥᠷᠭᠡᠨ ᠶᠢᠡᠷ ᠬᠡᠷᠡᠭᠯᠡᠭᠳᠡᠵᠦ ᠪᠠᠢᠢᠭ᠎ᠠ ᠰᠢᠰᠲ᠋ᠧᠮ ᠭᠡᠪᠡᠯ᠂ Microsoft Windows᠂ Apple Mac OS X᠂ Linux / Unix ᠵᠡᠷᠭᠡ ᠭᠤᠷᠪᠠᠨ ᠵᠦᠢᠯ ᠪᠣᠯᠤᠨ᠎ᠠ᠃ ᠣᠳᠣ ᠶᠢᠨ ᠰᠢᠨ᠎ᠡ ᠭᠠᠷᠴᠤ ᠪᠠᠢᠢᠭ᠎ᠠ Mobile ᠰᠢᠰᠲ᠋ᠧᠮ ᠭᠡᠪᠡᠯ ᠪᠠᠰᠠ ᠭᠤᠷᠪᠠᠨ ᠵᠦᠢᠯ ᠪᠠᠢᠢᠨ᠎ᠠ᠃ ᠲᠡᠳᠡᠭᠡᠷ ᠨᠢ Apple iOS (iPad, iPhone, iPod Touch)᠂ Android OS᠂ Microsoft Windows Phone ᠪᠣᠯᠤᠨ᠎ᠠ᠃ ᠡᠳᠡᠭᠡᠷ ᠰᠢᠰᠲ᠋ᠧᠮ ᠡᠴᠡ ᠪᠣᠰᠤᠳ ᠰᠢᠰᠲ᠋ᠧᠮ ᠨᠢ ᠪᠦᠷ ᠤᠯᠠᠮ ᠡᠴᠡ ᠤᠯᠠᠮ ᠴᠥᠬᠡᠨ ᠬᠡᠷᠡᠭᠯᠡᠭᠳᠡᠵᠦ ᠪᠠᠢᠢᠨ᠎ᠠ᠃ ᠳᠡᠭᠡᠷ᠎ᠡ ᠳᠤᠷᠠᠳᠤᠭᠳᠠᠭᠰᠠᠨ ᠡᠯ᠎ᠡ ᠰᠢᠰᠲ᠋ᠧᠮ ᠳᠡᠭᠡᠷ᠎ᠡ ᠣᠯᠠᠨ ᠤᠯᠤᠰ ᠤᠨ ᠪᠠᠷᠢᠮᠵᠢᠶᠠᠲᠤ ᠮᠣᠩᠭᠤᠯ ᠪᠢᠴᠢᠭ᠌ ᠭᠠᠷᠭᠠᠬᠤ ᠴᠢᠳᠠᠪᠤᠷᠢ ᠶᠢᠨ ᠲᠤᠬᠠᠢ ᠲᠠᠨᠢᠯᠴᠠᠭᠤᠯᠤᠶ᠎ᠠ
① Microsoft Windows Vista / 7 ᠳᠡᠭᠡᠷ᠎ᠡ ᠪᠣᠯ OpenType ᠮᠣᠩᠭᠤᠯ ᠦᠰᠦᠭ᠌ ᠤᠨ ᠲᠢᠭ᠌ ᠶᠢᠡᠷ ᠳᠠᠮᠵᠢᠨ ᠮᠣᠩᠭᠤᠯ ᠪᠢᠴᠢᠭ᠌ ᠢᠯᠡᠷᠡᠭᠦᠯᠦᠨ ᠪᠢᠴᠢᠵᠦ ᠪᠣᠯᠤᠨ᠎ᠠ᠂ ᠭᠡᠪᠡᠴᠦ ᠡᠬᠢᠯᠡᠩᠭᠦᠳᠡ ᠪᠡᠨ ᠨᠢᠭᠡ ᠯᠡ ᠴᠠᠭᠠᠨ ᠲᠢᠭ᠌ ᠲᠠᠢ᠃ᠪᠢᠳᠡ ᠣᠳᠣ ᠭᠤᠷᠪᠠᠨ ᠲᠢᠭ᠌ ᠬᠢᠭᠡᠳ ᠰᠦᠯᠵᠢᠶᠡᠨ ᠳ᠋ᠦ ᠲᠠᠯᠪᠢᠵᠤ ᠪᠠᠢᠢᠨ᠎ᠠ᠃ ᠵᠠᠯᠭᠠᠭᠠᠳ ᠪᠠᠰᠠ 20-25 ᠵᠦᠢᠯ ᠤᠨ ᠲᠢᠭ᠌ ᠬᠢᠬᠦ ᠪᠡᠷ ᠪᠡᠯᠡᠳᠭᠡᠵᠦ ᠪᠠᠢᠢᠨ᠎ᠠ᠃ ᠡᠯ᠎ᠡ ᠰᠤᠷᠭᠠᠭᠤᠯᠢ᠂ ᠪᠠᠢᠢᠭᠤᠯᠤᠯᠭ᠎ᠠ ᠪᠠ ᠬᠤᠪᠢ ᠬᠥᠮᠦᠨ ᠪᠠᠰᠠ ᠣᠯᠠᠨ Open Type ᠮᠣᠩᠭᠤᠯ ᠦᠰᠦᠭ᠌ ᠤᠨ ᠲᠢᠭ᠌ ᠬᠢᠵᠦ ᠪᠠᠢᠢᠨ᠎ᠠ᠃
Windows XP᠊ ᠶᠢ ᠬᠡᠷᠡᠭᠯᠡᠭᠴᠢᠳ᠂ Microsoft ᠊ ᠤᠨ Open Type ᠲᠢᠭ᠌ ᠢ ᠲᠠᠢᠢᠯᠪᠤᠷᠢᠯᠠᠬᠤ ᠰᠤᠹᠲ ᠢ ᠰᠠᠭᠤᠯᠭᠠᠬᠤ ᠬᠡᠷᠡᠭᠲᠡᠢ᠃ ᠲᠡᠭᠦᠨ ᠦ ᠪᠡᠨ ᠳᠡᠭᠡᠷ᠎ᠡ ᠮᠣᠩᠭᠤᠯ ᠲᠢᠭ᠌ ᠪᠠ ᠮᠣᠩᠭᠤᠯ ᠳᠠᠷᠤᠭᠤᠯ ᠢ ᠰᠠᠭᠤᠯᠭᠠᠪᠠᠯ ᠣᠯᠠᠨ ᠤᠯᠤᠰ ᠤᠨ ᠪᠠᠷᠢᠮᠵᠢᠶᠠᠲᠤ ᠮᠣᠩᠭᠤᠯ ᠪᠢᠴᠢᠭ᠌ ᠪᠢᠴᠢᠵᠦ ᠴᠢᠳᠠᠨ᠎ᠠ᠃ ᠡᠳᠡᠭᠡᠷ ᠢ ᠪᠦᠷ ᠮᠠᠨ ᠤ ᠰᠦᠯᠵᠢᠶ᠎ᠡ (http᠄//www.mongolfont.com/) ᠡᠴᠡ ᠪᠠᠭᠤᠯᠭᠠᠨ ᠠᠪᠴᠤ ᠪᠣᠯᠤᠨ᠎ᠠ᠃
② Apple Mac OS X ᠳᠡᠭᠡᠷ᠎ᠡ ᠪᠣᠯ AAT ᠮᠣᠩᠭᠤᠯ ᠦᠰᠦᠭ᠌ ᠤᠨ ᠲᠢᠭ᠌ ᠶᠢᠡᠷ ᠳᠠᠮᠵᠢᠨ ᠮᠣᠩᠭᠤᠯ ᠪᠢᠴᠢᠭ᠌ ᠢᠯᠡᠷᠡᠭᠦᠯᠦᠨ ᠪᠢᠴᠢᠵᠦ ᠪᠣᠯᠤᠨ᠎ᠠ᠃ AAT ᠲᠥᠷᠦᠯ ᠤᠨ ᠮᠣᠩᠭᠤᠯ ᠦᠰᠦᠭ᠌ ᠤᠨ ᠲᠢᠭ᠌ ᠢ ᠣᠳᠤᠬᠠᠨ ᠳᠠᠭᠠᠨ ᠭᠠᠭᠴᠬᠠᠠ ᠪᠢᠳᠡ ᠬᠢᠵᠦ ᠪᠠᠢᠢᠨ᠎ᠠ᠃ ᠣᠳᠣᠬᠠᠨ ᠳ᠋ᠤ ᠭᠤᠷᠪᠠᠨ ᠲᠢᠭ᠌ ᠬᠢᠭᠡᠳ ᠪᠠᠢᠢᠭ᠎ᠠ ᠶᠢ ᠮᠠᠨ ᠤ ᠰᠦᠯᠵᠢᠶᠡᠨ ᠳ᠋ᠦ ᠲᠠᠯᠪᠢᠵᠤ ᠪᠠᠢᠢᠨ᠎ᠠ᠃ ᠵᠠᠯᠭᠠᠭᠠᠳ ᠪᠠᠰᠠ 20-25 ᠵᠦᠢᠯ ᠬᠢᠬᠦ ᠪᠡᠷ ᠪᠡᠯᠡᠳᠭᠡᠵᠦ ᠪᠠᠢᠢᠨ᠎ᠠ᠃ Mac OS X ᠳᠡᠭᠡᠷ᠎ᠡ ᠮᠣᠩᠭᠤᠯ ᠦᠰᠦᠭ᠌ ᠤᠨ ᠲᠢᠭ᠌ ᠪᠠ ᠮᠣᠩᠭᠤᠯ ᠦᠰᠦᠭ᠌ ᠤᠨ ᠳᠠᠷᠤᠭᠤᠯ ᠢ ᠰᠠᠭᠤᠯᠭᠠᠪᠠᠯ ᠮᠣᠩᠭᠤᠯ ᠶᠢᠡᠷ ᠪᠢᠴᠢᠵᠦ ᠴᠢᠳᠠᠬᠤ ᠪᠣᠯᠤᠨ᠎ᠠ᠃
③ Linux/Unix ᠳᠡᠭᠡᠷ᠎ᠡ ᠪᠣᠯ Pango ᠭᠡᠳᠡᠭ Open Type ᠲᠢᠭ᠌ ᠢ ᠲᠠᠢᠢᠯᠪᠤᠷᠢᠯᠠᠬᠤ ᠰᠤᠹᠲ ᠢ ᠰᠠᠭᠤᠯᠭᠠᠬᠤ ᠠᠷᠭ᠎ᠠ ᠪᠠᠷ ᠮᠣᠩᠭᠤᠯ ᠪᠢᠴᠢᠭ᠌ ᠢ ᠢᠯᠡᠷᠡᠭᠦᠯᠦᠨ ᠪᠢᠴᠢᠵᠦ ᠪᠣᠯᠤᠨ᠎ᠠ᠃ OpenType ᠮᠣᠩᠭᠤᠯ ᠦᠰᠦᠭ᠌ ᠤᠨ ᠲᠢᠭ᠌ ᠪᠠ ᠮᠣᠩᠭᠤᠯ ᠦᠰᠦᠭ᠌ ᠤᠨ ᠳᠠᠷᠤᠭᠤᠯ ᠢ ᠰᠠᠭᠤᠯᠭᠠᠨ ᠬᠡᠷᠡᠭᠯᠡᠵᠦ ᠪᠠᠢᠢᠨ᠎ᠠ᠃ ᠭᠡᠪᠡᠴᠦ᠂ ᠣᠯᠠᠨ ᠵᠦᠢᠯ ᠤᠨ Linux/Unix ᠰᠢᠰᠲ᠋ᠧᠮ ᠳᠡᠭᠡᠷ᠎ᠡ ᠰᠢᠯᠭᠠᠵᠤ ᠦᠵᠡᠭᠡ ᠦᠭᠡᠢ᠃ Linux/Unix ᠳᠡᠭᠡᠷ᠎ᠡ ᠣᠯᠠᠨ ᠤᠯᠤᠰ ᠤᠨ ᠪᠠᠷᠢᠮᠵᠢᠶᠠᠨ ᠤ ᠮᠣᠩᠭᠤᠯ ᠪᠢᠴᠢᠭ᠌ ᠢ ᠪᠢᠴᠢᠬᠦ ᠠᠷᠭ᠎ᠠ ᠶᠢ ᠥᠨᠳᠦᠰᠦᠨ ᠡᠴᠡ ᠨᠢ ᠰᠢᠳᠪᠦᠷᠢᠯᠡᠬᠦ ᠬᠡᠷᠡᠭᠲᠡᠢ᠃ Graphite ᠭᠡᠳᠡᠭ ᠲᠢᠭ᠌ ᠤᠨ ᠠᠷᠭ᠎ᠠ ᠪᠠᠢᠢᠳᠠᠭ ᠭᠡᠨ᠎ᠡ᠃ ᠲᠤᠷᠰᠢᠵᠤ ᠦᠵᠡᠮᠡᠷ ᠪᠠᠢᠢᠨ᠎ᠠ᠃
④ iOS ᠳᠡᠭᠡᠷ᠎ᠡ AAT ᠮᠣᠩᠭᠤᠯ ᠲᠢᠭ᠌ ᠢ ᠰᠠᠭᠤᠯᠭᠠᠵᠤ ᠮᠣᠩᠭᠤᠯ ᠪᠢᠴᠢᠭ᠌ ᠢᠯᠡᠷᠡᠭᠦᠯᠵᠦ ᠪᠤᠯᠤᠨ᠎ᠠ᠃ ᠮᠣᠩᠭᠤᠯ ᠲᠢᠭ᠌ ᠪᠠ ᠮᠣᠩᠭᠤᠯ ᠳᠠᠷᠤᠭᠤᠯ ᠢ ᠰᠠᠭᠤᠯᠭᠠᠪᠠᠯ ᠮᠣᠩᠭᠤᠯ ᠪᠢᠴᠢᠭ᠌ ᠪᠢᠴᠢᠵᠦ ᠴᠢᠳᠠᠬᠤ ᠪᠣᠯᠤᠨ᠎ᠠ᠃ ᠭᠡᠪᠡᠴᠦ᠂ ᠮᠠᠨ ᠤ ᠬᠢᠭ᠌ᠰᠡᠨ ᠲᠢᠭ᠌ ᠪᠠ ᠳᠠᠷᠤᠭᠤᠯ ᠢ iOS ᠳ᠋ᠠᠭᠠᠨ ᠲᠠᠯᠪᠢᠵᠤ ᠦᠭᠭᠦᠭᠡ ᠦᠭᠡᠢ᠃ Apple iOS ᠳ᠋ᠤ ᠲᠠᠯᠪᠢᠭᠤᠯᠬᠤ ᠪᠠᠷ ᠪᠢᠳᠡ ᠴᠢᠷᠮᠠᠢᠢᠵᠤ ᠪᠠᠢᠢᠨ᠎ᠠ᠃ iOS ᠳ᠋ᠤ ᠲᠠᠯᠪᠢᠵᠤ ᠦᠭᠬᠦ ᠡᠴᠡ ᠡᠮᠦᠨ᠎ᠡ᠂ ᠪᠢᠳᠡ ᠮᠣᠩᠭᠤᠯ ᠪᠢᠴᠢᠭ᠌ ᠤᠨ ᠲᠤᠰᠭᠠᠢ ᠰᠤᠹᠲ ᠬᠢᠵᠤ ᠪᠠᠢᠢᠨ᠎ᠠ᠃ ᠬᠠᠮᠤᠭ ᠤᠨ ᠡᠬᠢᠨ ᠳ᠋ᠤ ᠪᠢᠳᠡ ᠮᠣᠩᠭᠤᠯ ᠪᠢᠴᠢᠭ᠌ ᠤᠨ ᠳᠥᠬᠦᠮ ᠪᠢᠴᠢᠭ᠍ᠯᠡᠭᠦᠷ Mongolian Type Writer ᠰᠤᠹᠲ ᠢ ᠬᠢᠵᠦ᠂ iPad iPhone ᠵᠡᠷᠭᠡ ᠶᠢᠨ ᠭᠠᠷ ᠤᠲᠠᠰᠤᠨ ᠤ ᠮᠠᠰᠢᠨ ᠶᠢᠡᠷ ᠮᠣᠩᠭᠤᠯ ᠶᠢᠡᠷ ᠪᠢᠴᠢᠬᠦ᠂ ᠨᠠᠢᠢᠷᠠᠭᠤᠯᠬᠤ᠂ ᠢᠮᠧᠯ ᠶᠠᠪᠤᠭᠤᠯᠬᠤ ᠨᠢ ᠪᠣᠳᠠᠲᠠᠢ ᠳᠡᠭᠡᠷ᠎ᠡ ᠪᠡᠶᠡᠯᠡᠭᠳᠡᠵᠡᠢ᠃ ᠪᠠᠰᠠ iOS᠊ ᠤ ᠬᠠᠢᠢᠭᠴᠢ ᠪᠠᠷ ᠭᠠᠳᠠᠨᠠᠬᠢ ᠲᠢᠭ᠌ ᠢ ᠬᠡᠷᠡᠭᠯᠡᠵᠤ ᠮᠣᠩᠭᠤᠯ ᠰᠦᠯᠵᠢᠶᠡᠨ ᠤ ᠠᠭᠤᠯᠭ᠎ᠠ ᠵᠢ ᠢᠯᠡᠷᠡᠭᠦᠯᠵᠦ ᠴᠢᠳᠠᠬᠤ ᠪᠣᠯᠤᠭᠰᠠᠨ ᠪᠠᠢᠢᠨ᠎ᠠ᠃
⑤ Android OS ᠪᠣᠯ ᠣᠳᠣ ᠳ᠋ᠠᠭᠠᠨ Unicode ᠮᠣᠩᠭᠤᠯ ᠲᠢᠭ᠌ ᠢ ᠭᠠᠷᠭᠠᠬᠤ ᠴᠢᠳᠠᠯ ᠦᠭᠡᠢ ᠪᠠᠢᠢᠨ᠎ᠠ᠃ ᠪᠢᠳᠡ ᠲᠤᠰᠭᠠᠢ ᠰᠤᠹᠲ ᠤᠨ ᠠᠷᠭ᠎ᠠ ᠪᠠᠷ ᠮᠣᠩᠭᠤᠯ ᠪᠢᠴᠢᠭ᠌ ᠢ Android ᠳᠡᠭᠡᠷ᠎ᠡ ᠭᠠᠷᠭᠠᠵᠠᠢ᠃ ᠤᠷᠢᠳᠠᠪᠠᠷ᠂ Mongolian Type Writer ᠮᠣᠩᠭᠤᠯ ᠪᠢᠴᠢᠭ᠌ ᠶᠢᠡᠷ ᠣᠷᠤᠭᠤᠯᠬᠤ᠂ ᠨᠠᠢᠢᠷᠠᠭᠤᠯᠬᠤ᠂ ᠢᠮᠧᠯ ᠶᠠᠪᠤᠭᠤᠯᠬᠤ᠂ ᠳᠥᠬᠦᠮ ᠪᠢᠴᠢᠭ᠍ᠯᠡᠭᠦᠷ ᠰᠤᠹᠲ ᠢ ᠬᠢᠪᠡ᠃ ᠣᠳᠣᠬᠠᠨ ᠳ᠋ᠠᠭᠠᠨ Android -᠊ ᠤᠨ ᠬᠠᠢᠢᠭᠴᠢ ᠳᠡᠭᠡᠷ᠎ᠡ ᠪᠠᠰᠠ ᠲᠤᠰᠭᠠᠢ ᠰᠤᠹᠲ ᠤᠨ ᠠᠷᠭ᠎ᠠ ᠪᠠᠷ ᠮᠣᠩᠭᠤᠯ ᠪᠢᠴᠢᠭ᠌ ᠭᠠᠷᠭᠠᠵᠤ ᠴᠢᠳᠠᠵᠤ ᠪᠠᠢᠢᠨ᠎ᠠ᠃ ᠤᠳᠠᠯ ᠦᠭᠡᠢ ᠮᠠᠨ ᠤ ᠰᠦᠯᠵᠢᠶᠡᠨ ᠳ᠋ᠤ ᠭᠠᠷᠭᠠᠬᠤ ᠪᠡᠷ ᠪᠢᠳᠡ ᠴᠢᠷᠮᠠᠢᠢᠨ ᠠᠵᠢᠯᠯᠠᠵᠤ ᠪᠠᠢᠢᠨ᠎ᠠ᠃
ᠲᠠᠪᠤ᠂ ᠮᠣᠩᠭᠤᠯ ᠪᠢᠴᠢᠭ᠌ ᠤᠨ ᠪᠣᠰᠤᠭ᠎ᠠ ᠪᠢᠴᠢᠭ᠌ᠯᠡᠭᠦᠷ ᠤᠨ ᠲᠠᠨᠢᠯᠴᠠᠭᠤᠯᠭ᠎ᠠ
ᠮᠣᠩᠭᠤᠯ ᠪᠢᠴᠢᠭ᠌ ᠢ ᠪᠣᠰᠤᠭ᠎ᠠ ᠪᠠᠷ ᠪᠢᠴᠢᠵᠤ ᠪᠣᠯᠬᠤ ᠪᠢᠴᠢᠭ᠌ᠯᠡᠭᠦᠷ ᠪᠠ ᠪᠢᠴᠢᠭ᠍ᠯᠡᠭᠦᠷ ᠭᠡᠪᠡᠯ ᠳᠣᠣᠷᠠᠬᠢ ᠬᠡᠳᠦᠨ ᠵᠦᠢᠯ ᠪᠠᠢᠢᠨ᠎ᠠ᠃
① Microsoft Office 2007 ᠡᠴᠡ ᠳᠡᠭᠡᠭᠰᠢ ᠬᠡᠪ ᠤᠨ ᠳᠣᠲᠤᠷᠠᠬᠢ Word / Power Point ᠵᠡᠷᠭᠡ ᠰᠤᠹᠲ ᠪᠣᠯ ᠮᠣᠩᠭᠤᠯ ᠪᠢᠴᠢᠭ᠌ ᠢ ᠪᠣᠰᠤᠭ᠎ᠠ ᠪᠠᠷ ᠪᠢᠴᠢᠵᠦ ᠴᠢᠳᠠᠵᠦ ᠪᠠᠢᠢᠨ᠎ᠠ᠃
② ᠪᠢᠳᠡᠨ ᠤ Java ᠬᠡᠯᠡ ᠪᠡᠷ ᠪᠢᠴᠢᠭ᠌ᠰᠡᠨ ᠪᠢᠴᠢᠭ᠍ᠯᠡᠭᠦᠷ MnglPad ᠪᠣᠯ ᠡᠯ᠎ᠡ ᠵᠦᠢᠯ ᠤᠨ ᠰᠢᠰᠲ᠋ᠧᠮ (Windows , Mac OS X, Linux) ᠳᠡᠭᠡᠷ᠎ᠡ ᠮᠣᠩᠭᠤᠯ ᠦᠰᠦᠭ᠌ ᠤᠨ ᠲᠢᠭ᠌ ᠢ ᠰᠠᠭᠤᠯᠭᠠᠬᠤ ᠦᠭᠡᠢ ᠪᠠᠷ ᠮᠣᠩᠭᠤᠯ ᠪᠢᠴᠢᠭ᠌ ᠪᠢᠴᠢᠵᠦ ᠴᠢᠳᠠᠲᠠᠭ ᠪᠢᠴᠢᠭ᠍ᠯᠡᠭᠦᠷ ᠪᠤᠯᠤᠨ᠎ᠠ᠃ ᠡᠨᠡ ᠪᠢᠴᠢᠭ᠍ᠯᠡᠭᠦᠷ ᠪᠣᠯ ᠲᠤᠰᠭᠠᠢ ᠰᠤᠹᠲ ᠤᠨ ᠠᠷᠭ᠎ᠠ ᠪᠠᠷ ᠬᠢᠭ᠌ᠰᠡᠨ ᠣᠯᠠᠨ ᠤᠯᠤᠰ ᠤᠨ ᠪᠠᠷᠢᠮᠵᠢᠶᠠᠨ ᠤ ᠮᠣᠩᠭᠤᠯ ᠪᠢᠴᠢᠭ᠌ ᠤᠨ ᠪᠢᠴᠢᠭ᠍ᠯᠡᠭᠦᠷ ᠪᠣᠯᠤᠨ᠎ᠠ᠃
③ ᠹᠠᠩᠵᠧᠩ ᠤᠨ«ᠮᠣᠩᠭᠤᠯ ᠰᠢᠨ᠎ᠡ ᠪᠢᠷ» ᠨᠢ ᠬᠡᠳᠦᠢᠢᠪᠡᠷ ᠴᠤᠯᠤ Unicode ᠮᠣᠩᠭᠤᠯ ᠰᠤᠹᠲ ᠪᠢᠰᠢ ᠪᠣᠯᠪᠠᠴᠤ᠂ Unicode ᠮᠣᠩᠭᠤᠯ ᠶᠢᠡᠷ ᠠᠭᠤᠯᠭ᠎ᠠ ᠪᠠᠨ ᠭᠠᠷᠭᠠᠵᠤ ᠴᠢᠳᠠᠬᠤ ᠪᠤᠰᠤᠭ᠎ᠠ ᠪᠢᠴᠢᠭ᠌ᠯᠡᠭᠦᠷ ᠶᠣᠮ᠃
④ ᠮᠣᠩᠭᠤᠯ ᠤᠯᠤᠰ ᠤᠨ ᠬᠥᠮᠦᠨ ᠤ ᠬᠢᠭ᠌ᠰᠡᠨ Mongol Note ᠭᠡᠰᠡᠨ ᠰᠤᠹᠲ ᠪᠠᠰᠠ ᠪᠣᠰᠤᠭ᠎ᠠ ᠪᠠᠷ Unicode ᠮᠣᠩᠭᠤᠯ ᠪᠢᠴᠢᠭ᠌ ᠨᠠᠢᠢᠷᠠᠭᠤᠯᠵᠤ ᠴᠢᠳᠠᠵᠤ ᠪᠠᠢᠢᠭᠰᠠᠨ ᠪᠠᠢᠢᠨ᠎ᠠ᠃
ᠡᠭᠦᠨ ᠡᠴᠡ ᠬᠣᠢᠢᠰᠢ ᠪᠠᠰᠠ ᠨᠡᠩ ᠣᠯᠠᠨ ᠪᠢᠴᠢᠭ᠍ᠯᠡᠭᠦᠷ ᠭᠠᠷᠴᠤ ᠢᠷᠡᠬᠦ ᠨᠢ ᠲᠠᠮᠵᠢᠭ ᠦᠭᠡᠢ ᠶᠤᠮ᠃
ᠵᠢᠷᠭᠤᠭ᠎ᠠ᠂ ᠮᠣᠩᠭᠤᠯ ᠪᠢᠴᠢᠭ᠌ ᠤᠨ ᠳᠠᠷᠤᠭᠤᠯ ᠪᠠ ᠤᠷᠤᠭᠤᠯᠬᠤ ᠠᠷᠭ᠎ᠠ
ᠤᠳᠤᠬᠠᠨ ᠳ᠋ᠠᠭᠠᠨ ᠤᠯᠠᠨ ᠤᠯᠤᠰ ᠤᠨ ᠪᠠᠷᠢᠮᠵᠢᠶᠠᠨ ᠤ ᠮᠣᠩᠭᠤᠯ ᠪᠢᠴᠢᠭ᠌ ᠤᠨ ᠤᠷᠤᠭᠤᠯᠬᠤ ᠠᠷᠭ᠎ᠠ ᠨᠢ ᠪᠦᠷ ᠳᠠᠷᠤᠭᠤᠯ ᠤᠨ ᠠᠷᠭ᠎ᠠ ᠪᠣᠯᠤᠨ᠎ᠠ᠃ᠡᠯ᠎ᠡ ᠰᠢᠰᠲ᠋ᠧᠮ ᠦᠨ ᠮᠣᠩᠭᠤᠯ ᠦᠰᠦᠭ᠌ ᠤᠨ ᠳᠠᠷᠤᠭᠤᠯ ᠨᠢ ᠪᠠᠭ᠎ᠠ ᠰᠠᠭ᠎ᠠ ᠵᠦᠷᠢᠶ᠎ᠡ ᠲᠡᠢ ᠪᠣᠯᠪᠠᠴᠤ᠂ᠤᠭ ᠶᠣᠰᠤ ᠨᠢ ᠥᠨᠳᠦᠰᠦᠨ ᠳᠡᠭᠡᠨ ᠠᠳᠠᠯᠢ ᠶᠤᠮ᠃ ᠬᠠᠮᠤᠭ ᠠᠩᠬᠠᠨ ᠤ Microsoft ᠊ ᠦᠨ ᠳᠠᠷᠤᠭᠤᠯ ᠤᠨ ᠰᠠᠭᠤᠷᠢ ᠳᠡᠭᠡᠷ᠎ᠡ ᠭᠠᠷ ᠤᠳᠠᠰᠤᠨ ᠳᠡᠭᠡᠷ᠎ᠡ ᠠᠮᠠᠷᠬᠠᠨ ᠬᠡᠷᠡᠭᠯᠡᠭᠳᠡᠬᠦ ᠪᠡᠷ ᠪᠢᠳᠡ ᠠᠯᠮᠠᠰ ᠤᠨ ᠳᠠᠷᠤᠭᠤᠯ ᠢ ᠬᠢᠪᠡ᠃
ᠣᠷᠤᠭᠤᠯᠬᠤ ᠠᠷᠭ᠎ᠠ ᠶᠢᠨ ᠲᠠᠯ᠎ᠠ ᠪᠠᠷ᠂ ᠡᠭᠦᠨ ᠡᠴᠡ ᠬᠤᠢᠢᠰᠢ ᠨᠡᠩ ᠤᠯᠠᠨ ᠨᠡᠮᠡᠭ᠌ᠳᠡᠬᠦ ᠪᠠᠢᠢᠬ᠎ᠠ᠃ ᠪᠢᠳᠡ ᠪᠠᠰᠠ ᠵᠥᠪ ᠣᠷᠤᠭᠤᠯᠬᠤ ᠳᠦᠷᠢᠮ ᠢ ᠲᠤᠤᠱ᠋ᠯᠠᠭᠤᠯᠬᠤ ᠶᠢᠨ ᠲᠥᠯᠦᠭᠡ ᠪᠠ ᠣᠷᠤᠭᠤᠯᠬᠤ ᠬᠤᠷᠳᠤᠴᠠ ᠶᠢ ᠲᠥᠷᠭᠡᠳᠭᠡᠬᠦ ᠶᠢᠨ ᠲᠥᠯᠦᠭᠡ᠂ ᠰᠢᠨ᠎ᠡ ᠣᠷᠤᠭᠤᠯᠬᠤ ᠠᠷᠭ᠎ᠠ ᠶᠢ ᠦᠷᠭᠦᠯᠵᠢᠯᠡᠨ ᠰᠤᠳᠤᠯᠬᠤ ᠬᠡᠷᠡᠭᠲᠡᠢ ᠪᠠᠢᠢᠨ᠎ᠠ᠃
ᠮᠣᠩᠭᠤᠯ ᠪᠢᠴᠢᠭ᠌ ᠤᠨ ᠳᠠᠷᠤᠭᠤᠯ ᠶᠢᠡᠷ ᠤᠷᠤᠭᠤᠯᠬᠤ ᠠᠷᠭ᠎ᠠ
① ᠡᠩ ᠲᠦᠷᠦᠭᠦᠨ ᠳᠦ ᠡᠯ᠎ᠡ ᠦᠰᠦᠭ᠌ ᠤᠨ ᠳᠠᠷᠤᠭᠤᠯ ᠤᠨ ᠪᠠᠢᠢᠷᠢᠰᠢᠯ ᠢ ᠴᠡᠭᠡᠵᠢᠯᠡᠬᠦ ᠬᠡᠷᠡᠭᠲᠡᠢ᠃
② ᠡᠯ᠎ᠡ ᠦᠰᠦᠭ᠌ ᠨᠢ ᠦᠭᠡ ᠶᠢᠨ ᠡᠬᠢᠨ᠂ ᠳᠤᠮᠳᠠ᠂ ᠠᠳᠠᠭ ᠲᠤ ᠤᠷᠤᠬᠤ ᠳᠦᠷᠰᠦ ᠨᠢ ᠠᠶᠠᠨᠳᠠᠭᠠᠨ ᠬᠤᠪᠢᠷᠠᠨ᠎ᠠ᠃
③ ᠦᠭᠡ ᠶᠢᠨ ᠠᠳᠠᠭ ᠲᠤ ᠣᠷᠤᠬᠤ ᠳᠤ ᠰᠠᠯᠤᠩᠬᠢᠳᠠ ᠪᠢᠴᠢᠭ᠍ᠳᠡᠬᠦᠠ ᠡ ( ᠴᠠᠴᠤᠯᠭ᠎ᠠ )᠊ ᠶᠢ ᠪᠣᠯ ᠡᠮᠦᠨ᠎ᠡ ᠨᠢ MVS ᠵᠢ ᠣᠷᠤᠭᠤᠯᠵᠤ ᠪᠠᠢᠢᠭᠠᠳ ᠭᠠᠷᠭᠠᠨ᠎ᠠ᠃
④ ᠡᠯ᠎ᠡ ᠦᠰᠦᠭ᠌ ᠤᠨ ᠦᠭᠡ ᠶᠢᠨ ᠡᠬᠢᠨ᠂ ᠳᠤᠮᠳᠠ᠂ ᠠᠳᠠᠭ ᠲᠤ ᠣᠷᠤᠬᠤ ᠳᠦᠷᠰᠤ ᠨᠢ ᠤᠯᠠᠨ ᠬᠤᠪᠢᠷᠠᠯ ᠲᠠᠢ ᠪᠠᠢᠢᠪᠠᠯ ᠠᠷᠤ ᠳ᠋ᠤᠨᠢ ᠳᠣᠣᠷᠠᠬᠢ ᠲᠡᠮᠳᠡᠭ ᠢ ᠲᠠᠯᠪᠢᠨ᠎ᠠ᠃
FVS1- ᠨᠢᠭᠡᠳᠦᠭᠡᠷ ᠬᠤᠪᠢᠷᠠᠯ᠂
FVS2- ᠬᠣᠶᠠᠳᠤᠭᠠᠷ ᠬᠤᠪᠢᠷᠠᠯ᠂
FVS3- ᠭᠤᠷᠪᠠᠳᠤᠭᠠᠷ ᠬᠤᠪᠢᠷᠠᠯ᠂
⑤ ᠲᠡᠢᠢᠨ ᠢᠯᠭᠠᠯ ᠤᠨ ᠡᠮᠦᠨ᠎ᠡ ᠨᠢ NNBSP(Unicode 202F) ᠵᠢ ᠲᠠᠯᠪᠢᠵᠤ᠂ ᠡᠮᠦᠨ᠎ᠠ ᠦᠰᠦᠭ ᠲᠠᠢ ᠪᠡᠨ ᠬᠣᠯᠪᠤᠵᠤ ᠪᠢᠴᠢᠨ᠎ᠠ᠃
⑥ ᠦᠭᠡ ᠶᠢᠨ ᠡᠬᠢᠨ᠂ ᠳᠤᠮᠳᠠ᠂ ᠠᠳᠠᠭ ᠲᠤ ᠣᠷᠤᠬᠤ ᠳᠦᠷᠰᠦ ᠶᠢ ᠠᠰᠲᠠᠭᠠᠨ ᠭᠠᠷᠭᠠᠬᠤ ᠳᠤ ᠊(ᠨᠢᠷᠤᠭᠤ) ᠵᠢ ᠬᠡᠷᠡᠭᠯᠡᠨ᠎ᠡ᠃
ᠡᠬᠢᠨ ᠳᠦ ᠣᠷᠤᠬᠤ ᠳᠦᠷᠰᠦ ᠶᠢ ᠭᠠᠷᠭᠠᠬᠤ ᠳ᠋ᠠᠭᠠᠨ ᠦᠰᠦᠭ᠌ ᠤᠨ ᠠᠷᠤ ᠳ᠋ᠤᠨᠢ -(ᠨᠢᠷᠤᠭᠤ) ᠲᠠᠯᠪᠢᠨ᠎ᠠ᠃
ᠳᠤᠮᠳᠠ ᠣᠷᠤᠬᠤ ᠳᠦᠷᠰᠦ ᠵᠢ ᠭᠠᠷᠭᠠᠬᠤ ᠳ᠋ᠠᠭᠠᠨ ᠦᠰᠦᠭ᠌ ᠤᠨ ᠬᠣᠶᠠᠷ ᠲᠠᠯ᠎ᠠ ᠳ᠋ᠤᠨᠢ ᠊(ᠨᠢᠷᠤᠭᠤ) ᠲᠠᠯᠪᠢᠨ᠎ᠠ᠃
ᠠᠳᠠᠭ ᠲᠤ ᠤᠷᠤᠬᠤ ᠳᠦᠷᠰᠦ ᠵᠢ ᠭᠠᠷᠭᠠᠬᠤ ᠳ᠋ᠠᠭᠠᠨ ᠦᠰᠦᠭ᠌ ᠤᠨ ᠡᠮᠦᠨ᠎ᠡ ᠨᠢ ᠊(ᠨᠢᠷᠤᠭᠤ) ᠲᠠᠯᠪᠢᠨ᠎ᠠ᠃
ᠠᠯᠮᠠᠰ ᠤᠨ ᠳᠠᠷᠤᠭᠤᠯ ᠢ ᠬᠡᠷᠡᠭᠯᠡᠪᠡᠯ᠂ ᠳᠡᠭᠡᠷᠡᠬᠢ ᠡᠯ᠎ᠡ ᠲᠡᠮᠳᠡᠭ ᠨᠢ ᠳᠤᠤᠷᠠᠬᠢ ᠲᠤᠪᠴᠢ ᠶᠢ ᠬᠡᠷᠡᠭᠯᠡᠨ᠎ᠡ᠃
MVS -- A (ᠲᠣᠮᠤ ᠦᠰᠦᠭ)
NNBSP -- S (ᠲᠣᠮᠤ ᠦᠰᠦᠭ)
FVS1 --D (ᠲᠣᠮᠤ ᠦᠰᠦᠭ)
FVS2 --F (ᠲᠣᠮᠤ ᠦᠰᠦᠭ)
FVS3 --G (ᠲᠣᠮᠤ ᠦᠰᠦᠭ)
᠊(ᠨᠢᠷᠤᠭᠤ) --I (ᠲᠣᠮᠤ ᠦᠰᠦᠭ)
ᠡᠭᠦᠨ ᠡᠴᠡ ᠣᠨᠳᠣᠣ ᠪᠠᠰᠠ ZERO WIDTH JOINER(U+200D)᠂ ZERO WIDTH NON JOINER(U+200C) ᠭᠡᠵᠤ ᠬᠤᠶᠠᠷ ᠣᠨᠴᠤᠭᠤᠢ ᠲᠡᠮᠳᠡᠭ ᠪᠠᠢᠢᠬᠤ ᠶᠢ ᠮᠠᠨ ᠤ ᠰᠤᠹᠲ ᠲᠤ ᠣᠳᠣ ᠳᠡᠭᠡᠷ᠎ᠡ ᠪᠡᠨ ᠬᠢᠭᠡ ᠦᠭᠡᠢ᠂ ᠳᠠᠷᠠᠭᠠᠴᠢ ᠪᠠᠷ ᠬᠢᠬᠦ ᠪᠡᠷ ᠪᠠᠢᠢᠨ᠎ᠠ᠃
ᠳᠣᠯᠤᠭ᠎ᠠ᠂ ᠡᠯ᠎ᠡ ᠬᠠᠢᠢᠭᠴᠢ ᠳᠡᠭᠡᠷᠡᠬᠢ ᠮᠣᠩᠭᠤᠯ ᠪᠢᠴᠢᠭ᠌ ᠤᠨ ᠪᠠᠢᠢᠳᠠᠯ
ᠲᠣᠣᠷ ᠰᠦᠯᠵᠢᠶᠡᠨ ᠦ ᠬᠠᠢᠢᠭᠴᠢ ᠶᠢᠨ ᠲᠦᠷᠦᠯ ᠵᠦᠢᠯ ᠮᠠᠰᠢ ᠤᠯᠠᠨ ᠪᠠᠢᠢᠳᠠᠭ᠃ Microsoft Internet Explorer᠂ Apple Safari᠂ Google Chrome᠂ Mozilla FireFox᠂ Opera ᠵᠡᠷᠭᠡ ᠪᠣᠯ ᠦᠷᠭᠦᠯᠵᠢ ᠬᠡᠷᠡᠭᠯᠡᠭᠳᠡᠳᠡᠭ ᠬᠠᠢᠢᠭᠴᠢ ᠪᠤᠯᠤᠨ᠎ᠠ᠃ ᠡᠳᠡᠭᠡᠷ ᠬᠠᠢᠢᠭᠴᠢ ᠶᠢᠨ ᠳᠡᠭᠡᠷ᠎ᠡ ᠣᠯᠠᠨ ᠤᠯᠤᠰ ᠤᠨ ᠪᠠᠷᠢᠮᠵᠢᠶᠠᠨ ᠤ ᠮᠣᠩᠭᠤᠯ ᠪᠢᠴᠢᠭ᠌ ᠢ ᠢᠯᠡᠷᠡᠭᠦᠯᠬᠦ ᠴᠢᠳᠠᠪᠤᠷᠢ ᠵᠢ ᠳᠣᠣᠷ᠎ᠠ ᠲᠠᠨᠢᠯᠴᠠᠭᠤᠯᠤᠶ᠎ᠠ᠃
① Microsoft Internet Explorer (IE)
Microsoft Internet Explorer ᠳᠡᠭᠡᠷ᠎ᠡ ᠪᠣᠯ ᠮᠣᠩᠭᠤᠯ ᠪᠢᠴᠢᠭ᠌ ᠢ ᠵᠨᠭᠦᠨ ᠡᠴᠡ ᠪᠠᠷᠠᠭᠤᠨᠰᠢ ᠮᠦᠷ ᠰᠢᠯᠵᠢᠬᠦ ᠵᠠᠷᠴᠢᠮ ᠤᠨ ᠪᠣᠰᠤᠭ᠎ᠠ ᠪᠢᠴᠢᠯᠭᠡ ᠪᠡᠷ ᠢᠯᠡᠷᠡᠭᠦᠯᠵᠦ ᠴᠢᠳᠠᠨ᠎ᠠ᠃ ᠭᠡᠪᠡᠴᠦ Microsoft Internet Explorer(ᠬᠡᠪᠯᠡᠯ8ᠪᠣᠶᠤ8ᠡᠴᠡ ᠳᠡᠭᠡᠭᠰᠢ) ᠊ ᠶᠢᠨ TextArea ( ᠮᠣᠩᠭᠤᠯ ᠪᠢᠴᠢᠭ᠌ ᠤᠷᠤᠭᠤᠯᠬᠤ ᠬᠡᠰᠡᠭ ) ᠨᠢ ᠪᠣᠰᠤᠭ᠎ᠠ ᠪᠠᠷ ᠢᠯᠡᠷᠡᠵᠦ ᠴᠢᠳᠠᠬᠤ ᠪᠤᠯᠪᠠᠴᠤ᠂ᠪᠠᠷᠠᠭᠤᠨ ᠡᠴᠡ ᠵᠡᠭᠦᠨᠰᠢ ᠮᠦᠷ ᠰᠢᠯᠵᠢᠨ᠎ᠡ᠃
Microsoft Internet Explorer ᠡᠩ ᠤᠨ ᠠᠭᠤᠯᠭ᠎ᠠ ᠵᠢ ᠤᠩᠰᠢᠬᠤ ᠴᠢᠳᠠᠪᠤᠷᠢ ᠶᠢ ᠭᠦᠢᠴᠡᠳᠭᠡᠵᠦ ᠴᠢᠳᠠᠬᠤ ᠪᠣᠯᠪᠠᠴᠤ᠂ᠮᠣᠩᠭᠤᠯ ᠪᠢᠴᠢᠭ᠌ ᠢ ᠵᠡᠭᠦᠨ ᠡᠴᠡ ᠪᠠᠷᠠᠭᠤᠨᠰᠢ ᠤᠩᠰᠢᠬᠤ ᠪᠠ ᠪᠢᠴᠢᠬᠦ ᠵᠠᠩᠰᠢᠯ ᠢ ᠢᠯᠡᠷᠡᠭᠦᠯᠬᠦ ᠲᠠᠯ᠎ᠠ ᠪᠠᠷ ᠭᠦᠢᠴᠡᠳ ᠪᠢᠰᠢ ᠪᠠᠢᠢᠨ᠎ᠠ᠃
② Apple Safari / Google Chrome
Apple Safari / Google Chrome ᠡᠨᠡ ᠬᠣᠶᠠᠷ ᠳᠡᠭᠡᠷ᠎ᠡ ᠪᠣᠯ ᠮᠣᠩᠭᠤᠯ ᠪᠢᠴᠢᠭ᠌ ᠢ ᠵᠨᠭᠦᠨ ᠡᠴᠡ ᠪᠠᠷᠠᠭᠤᠨᠰᠢ ᠮᠦᠷ ᠰᠢᠯᠵᠢᠬᠦ ᠵᠠᠷᠴᠢᠮ ᠤᠨ ᠪᠣᠰᠤᠭ᠎ᠠ ᠪᠢᠴᠢᠯᠭᠡ ᠪᠡᠷ ᠢᠯᠡᠷᠡᠭᠦᠯᠵᠦ ᠴᠢᠳᠠᠨ᠎ᠠ᠃ Apple Safari / Google Chrome ᠡᠨᠡ ᠬᠣᠶᠠᠷ ᠤᠨ TextArea ( ᠮᠣᠩᠭᠤᠯ ᠪᠢᠴᠢᠭ᠌ ᠤᠷᠤᠭᠤᠯᠬᠤ ᠬᠡᠰᠡᠭ ) ᠨᠢ ᠴᠤ ᠪᠣᠰᠤᠭ᠎ᠠ ᠪᠠᠷ ᠢᠯᠡᠷᠡᠵᠦ ᠴᠢᠳᠠᠬᠤ ᠪᠠᠷ ᠪᠠᠷᠠᠬᠤ ᠦᠭᠡᠢ᠂ ᠵᠡᠭᠦᠨ ᠡᠴᠡ ᠪᠠᠷᠠᠭᠤᠨᠰᠢ ᠮᠦᠷ ᠰᠢᠯᠵᠢᠵᠦ ᠴᠢᠳᠠᠨ᠎ᠠ᠃
Apple Safari / Google Chrome ᠬᠣᠶᠠᠷ ᠪᠤᠯ ᠮᠣᠩᠭᠤᠯ ᠪᠢᠴᠢᠭ᠌ ᠤᠨ ᠵᠠᠩᠰᠢᠯ ᠢ ᠪᠦᠷᠢᠨ ᠭᠦᠢᠴᠡᠳ ᠢᠯᠡᠷᠡᠭᠦᠯᠵᠦ ᠴᠢᠳᠠᠵᠤ ᠪᠠᠢᠢᠨ᠎ᠠ᠃ ᠭᠡᠪᠡᠴᠦ ᠲᠡᠭᠦᠨ ᠦ form ᠧᠯᠧᠮᠧᠨᠲ ᠦᠨ ᠶᠡᠬᠡ ᠪᠠᠭ᠎ᠠ ᠶᠢ ᠲᠣᠬᠢᠷᠠᠭᠤᠯᠬᠤ ᠲᠠᠯ᠎ᠠ ᠪᠠᠷ ᠪᠠᠭ᠎ᠠ ᠰᠠᠭ᠎ᠠ ᠡᠮᠵᠡᠭ ᠲᠠᠢ ᠪᠠᠢᠢᠨ᠎ᠠ᠃
③ Mozila FireFox / Opera
Mozila FireFox ᠪᠠ Opera ᠳᠡᠭᠡᠷ᠎ᠡ ᠣᠳᠣᠬᠠᠨ ᠳᠤ ᠮᠣᠩᠭᠤᠯ ᠦᠰᠦᠭ ᠢ ᠪᠤᠰᠤᠭ᠎ᠠ ᠪᠡᠷ ᠢᠯᠡᠷᠡᠭᠦᠯᠵᠦ ᠳᠡᠢᠢᠯᠬᠦ ᠦᠭᠡᠢ᠂ ᠬᠠᠷᠢᠨ ᠬᠥᠨᠳᠡᠯᠡᠨ ᠶᠢᠡᠷ ᠪᠣᠯ ᠵᠥᠪ ᠣᠨᠤᠪᠴᠢᠲᠠᠢ ᠢᠯᠡᠷᠡᠭᠦᠯᠵᠦ ᠪᠠᠢᠢᠨ᠎ᠠ᠃
ᠬᠠᠢᠢᠭᠴᠢ ᠳᠡᠭᠡᠷ᠎ᠡ ᠮᠣᠩᠭᠤᠯ ᠶᠢᠡᠷ ᠡᠷᠢᠬᠦ ᠠᠷᠭ᠎ᠠ ᠵᠢ ᠲᠠᠨᠢᠯᠴᠠᠭᠤᠯᠤᠶ᠎ᠠ᠃
ᠬᠠᠢᠢᠭᠴᠢ ᠳᠡᠭᠡᠷ᠎ᠡ Google API᠊ ᠶᠢ ᠠᠰᠢᠭᠯᠠᠵᠤ JavaScript ᠊ ᠤᠨ ᠫᠷᠤᠭ᠌ᠷᠠᠮ ᠢ ᠬᠢᠪᠡᠯ ᠮᠣᠩᠭᠤᠯ ᠶᠢᠡᠷ ᠡᠷᠢᠵᠦ ᠴᠢᠳᠠᠬᠤ ᠪᠠᠷ ᠪᠠᠷᠠᠬᠤ ᠦᠭᠡᠢ᠂ ᠡᠷᠢᠵᠦ ᠣᠯᠤᠭᠰᠠᠨ ᠠᠭᠤᠯᠭ᠎ᠠ ᠪᠠᠨ ᠪᠣᠰᠤᠭ᠎ᠠ ᠪᠠᠷ ᠢᠯᠡᠷᠡᠭᠦᠯᠵᠦ ᠴᠢᠳᠠᠨ᠎ᠠ᠃ ᠲᠡᠭᠦᠨ ᠤ ᠳᠡᠭᠡᠷ᠎ᠡ ᠮᠠᠨ ᠤ ᠬᠢᠭ᠌ᠰᠡᠨ ᠮᠣᠩᠭᠤᠯ ᠦᠰᠦᠭ᠌ ᠤᠨ ᠲᠢᠭ᠌ ᠪᠠ ᠮᠣᠩᠭᠤᠯ ᠦᠰᠦᠭ᠌ ᠣᠷᠤᠭᠤᠯᠬᠤ JavaScript ᠊ ᠤᠨ ᠫᠷᠤᠭ᠌ᠷᠠᠮ ᠢ ᠬᠡᠷᠡᠭᠯᠡᠪᠡᠯ᠂ ᠰᠦᠪᠡᠭᠴᠢ ᠦᠭᠡ ᠪᠡᠨ ᠠᠩᠭ᠌ᠯᠢ ᠪᠠᠷ ᠣᠷᠤᠭᠤᠯᠤᠭᠰᠠᠨ ᠴᠤ ᠮᠣᠩᠭᠤᠯ ᠪᠣᠯᠭᠠᠵᠤ ᠡᠷᠢᠵᠦ ᠪᠣᠯᠤᠨ᠎ᠠ᠃
ᠪᠠᠰᠠ ᠬᠠᠢᠢᠭᠴᠢ ᠳᠡᠭᠡᠷ᠎ᠡ ᠮᠣᠩᠭᠤᠯ ᠪᠢᠴᠢᠭ᠌ᠯᠡᠭᠦᠷ ᠬᠢᠵᠤ᠂ᠰᠦᠪᠡᠭᠴᠢ ᠦᠭᠡ ᠪᠡᠨ ᠮᠣᠩᠭᠤᠯ ᠶᠢᠡᠷ ᠪᠢᠴᠢᠵᠤ ᠡᠷᠢᠵᠦ ᠪᠣᠯᠤᠨ᠎ᠠ᠃ᠡᠭᠦᠨ ᠶᠢᠡᠷ ᠪᠠᠷᠠᠬᠤ ᠦᠭᠡᠢ ᠳᠡᠭᠡᠷ᠎ᠡ ᠳᠤᠷᠠᠳᠤᠭᠰᠠᠨ ᠲᠠᠢ ᠠᠳᠠᠯᠢ ᠪᠠᠷ ᠰᠦᠪᠡᠭᠴᠢ ᠦᠭᠡ ᠪᠡᠨ ᠠᠩᠭ᠌ᠯᠢ ᠪᠠᠷ ᠣᠷᠤᠭᠤᠯᠤᠭᠰᠠᠨ ᠴᠤ ᠮᠣᠩᠭᠤᠯ ᠪᠢᠴᠢᠭ᠌ ᠪᠣᠯᠵᠤ ᠬᠤᠪᠢᠷᠠᠬᠤ ᠶᠤᠮ᠃ᠳ᠋ᠣᠺᠦ᠋ᠮᠧᠨᠲ ᠨᠠᠢᠢᠷᠠᠭᠤᠯᠬᠤ ᠳᠠᠭᠠᠨ ᠥᠭᠡᠷ᠎ᠡ ᠭᠠᠵᠠᠷ ᠡᠴᠡ ᠺᠣᠫᠢ ᠬᠢᠵᠦ ᠠᠪᠴᠢᠷᠠᠬᠤ ᠪᠣᠶᠤ ᠥᠭᠡᠷ᠎ᠡ ᠭᠠᠵᠠᠷ ᠲᠤ ᠺᠣᠫᠢ ᠬᠢᠵᠦ ᠠᠪᠠᠴᠢᠵᠤ ᠪᠦᠷ ᠪᠣᠯᠤᠨ᠎ᠠ᠃
ᠨᠠᠢᠮᠠ᠂ ᠮᠠᠨ ᠤ ᠣᠳᠣ ᠶᠢᠨ ᠬᠢᠵᠤ ᠪᠠᠢᠢᠭ᠎ᠠ ᠠᠵᠢᠯ ᠤᠳ
ᠣᠯᠠᠨ ᠤᠯᠤᠰ ᠤᠨ ᠪᠠᠷᠢᠮᠵᠶᠠᠨ ᠤ ᠮᠣᠩᠭᠤᠯ ᠪᠢᠴᠢᠭ᠌ ᠶᠢᠡᠨ ᠨᠡᠩ ᠲᠦᠷᠭᠡᠨ ᠳᠡᠯᠭᠡᠷᠡᠭᠦᠯᠦᠨ ᠭᠡᠷᠡᠭᠵᠢᠭᠦᠯᠬᠦ ᠶᠢᠨ ᠲᠥᠯᠦᠭᠡ᠂ᠪᠢᠳᠡ ᠣᠳᠣ ᠳ᠋ᠠᠭᠠᠨ ᠬᠢᠵᠤ ᠪᠠᠢᠢᠭ᠎ᠠ ᠠᠵᠢᠯ ᠭᠣᠣᠯᠳᠠᠭᠤ ᠳᠣᠣᠷᠠᠬᠢ ᠬᠡᠳᠦᠨ ᠵᠦᠢᠯ ᠪᠣᠢ᠄
① ᠡᠯ᠎ᠡ ᠵᠦᠢᠯ ᠤᠨ ᠮᠠᠰᠢᠨ ᠳ᠋ᠤ ᠮᠣᠩᠭᠤᠯ ᠪᠢᠴᠢᠭ᠌ ᠶᠢᠨᠨ ᠭᠠᠷᠭᠠᠬᠤ ᠪᠠ ᠮᠣᠩᠭᠤᠯ ᠦᠰᠦᠭ ᠦᠨ ᠲᠢᠭ᠌ ᠶᠢᠡᠨ ᠨᠡᠮᠡᠭᠳᠡᠭᠦᠯᠬᠦ
② ᠡᠯ᠎ᠡ ᠬᠠᠢᠢᠭᠴᠢ ᠳᠡᠭᠡᠷ᠎ᠡ ᠮᠣᠩᠭᠤᠯ ᠪᠢᠴᠢᠭ᠌ ᠶᠢᠡᠨ ᠭᠠᠷᠭᠠᠬᠤ ᠪᠠ ᠲᠤᠰᠭᠠᠢ ᠮᠣᠩᠭᠤᠯ ᠬᠠᠢᠢᠭᠴᠢ ᠬᠢᠬᠦ
③ ᠮᠣᠩᠭᠤᠯ ᠪᠢᠴᠢᠭ᠌ ᠤᠨ ᠪᠢᠴᠢᠭ᠍ᠯᠡᠭᠦᠷ᠂ ᠠᠯᠪᠠᠨ ᠬᠡᠷᠡᠭᠯᠡᠯᠭᠦᠷ᠂ ᠬᠡᠪᠯᠡᠯᠭᠦᠷ ᠬᠢᠬᠦ
④ ᠮᠣᠩᠭᠤᠯ ᠵᠣᠬᠢᠶᠠᠯ ᠮᠠᠲ᠋ᠧᠷᠢᠶᠠᠯ ᠣᠯᠠᠨ ᠴᠤᠭᠯᠠᠭᠤᠯᠵᠤ ᠰᠦᠯᠵᠢᠶᠡᠨ ᠳᠤ ᠨᠡᠢᠢᠲᠡᠯᠡᠬᠦ
⑤ ᠪᠠᠷᠢᠮᠵᠢᠶᠠᠲᠤ ᠮᠣᠩᠭᠤᠯ ᠪᠢᠴᠢᠭ᠌ ᠤᠨ ᠰᠦᠯᠵᠢᠶ᠎ᠡ ᠪᠡᠨ ᠥᠷᠭᠡᠳᠭᠡᠨ ᠳᠡᠯᠭᠡᠷᠡᠭᠦᠯᠬᠦ
⑥ ᠡᠩ ᠦᠨ ᠬᠡᠷᠡᠭᠯᠡᠭᠡᠨ ᠦ ᠪᠠᠭᠠᠵᠢ ᠰᠤᠹᠲ (ᠢᠮᠧᠯ ᠤᠩᠰᠢᠭᠤᠷ᠂ ᠪᠢᠴᠢᠭ᠌ᠯᠡᠭᠦᠷ᠂ ᠬᠡᠯᠡᠯᠴᠡᠭᠦᠷ᠁) ᠬᠢᠬᠦ
ᠪᠢᠳᠡ ᠣᠳᠣ ᠳ᠋ᠠᠭᠠᠨ ᠴᠢᠯᠦᠭᠡ ᠴᠠᠭ ᠶᠢᠡᠷ ᠶᠢᠡᠨ ᠡᠨᠡ ᠠᠵᠢᠯ ᠤᠳ ᠢ ᠴᠢᠷᠮᠠᠢᠢᠨ ᠬᠢᠵᠤ ᠪᠠᠢᠢᠭ᠎ᠠ ᠪᠤᠯᠪᠠᠴᠤ᠂ ᠡᠭᠦᠨ ᠡᠴᠡ ᠬᠤᠢᠢᠰᠢ ᠭᠣᠣᠯ ᠠᠵᠢᠯ ᠦᠢᠯᠡᠰ ᠪᠤᠯᠭᠠᠨ ᠵᠢᠳᠭᠦᠬᠦ ᠪᠡᠷ ᠵᠤᠷᠢᠭ ᠰᠢᠭᠤᠳᠴᠦ ᠪᠠᠢᠢᠨ᠎ᠠ᠃
ᠶᠢᠰᠦ᠂ ᠬᠣᠢᠢᠰᠢᠳᠠ ᠶᠢᠨ ᠵᠣᠷᠢᠯᠲᠠ
ᠮᠠᠨ ᠤ ᠬᠤᠢᠢᠰᠢᠲᠠ ᠶᠢᠨ ᠬᠢᠶ᠎ᠡ ᠭᠡᠵᠦ ᠲᠥᠯᠦᠪᠯᠡᠵᠦ ᠪᠠᠢᠢᠭ᠎ᠠ ᠠᠵᠢᠯ ᠪᠠ ᠵᠤᠷᠢᠯᠲᠠ ᠲᠤᠩ ᠤᠯᠠᠨ ᠪᠠᠢᠢᠨ᠎ᠠ᠂ ᠲᠡᠭᠦᠨ ᠦ ᠳᠣᠲᠤᠷᠠᠬᠢ ᠬᠡᠳᠦ ᠵᠢ ᠡᠷᠭᠦᠪᠡᠯ᠂
① ᠮᠣᠩᠭᠤᠯ ᠰᠦᠯᠵᠢᠶᠡᠨ ᠦ ᠲᠠᠪᠴᠠᠩ (Platform) ᠬᠢᠵᠦ᠂ ᠦᠢᠯᠡᠴᠢᠯᠡᠭᠡ ᠪᠠᠢᠢᠭᠤᠯᠬᠤ
② ᠭᠠᠷ ᠤᠳᠠᠰᠤᠨ ᠳ᠋ᠤ ᠮᠣᠩᠭᠤᠯ ᠪᠠ ᠣᠯᠠᠨ ᠬᠡᠯᠡᠲᠦ ᠲᠣᠯᠢ ᠪᠢᠴᠢᠭ᠌ ᠬᠢᠬᠦ
③ ᠰᠦᠯᠵᠢᠶᠡᠨ ᠳᠡᠭᠡᠷ᠎ᠡ ᠮᠣᠩᠭᠤᠯ ᠪᠠ ᠣᠯᠠᠨ ᠬᠡᠯᠡᠲᠦ ᠲᠣᠯᠢ ᠪᠢᠴᠢᠭ᠌ ᠬᠢᠬᠦ
④ ᠠᠯᠪᠠᠨ ᠭᠡᠷ ᠤᠨ ᠬᠡᠷᠡᠭᠯᠡᠯ (Office )᠊ ᠦᠨ ᠮᠣᠩᠭᠤᠯ ᠬᠡᠪ ᠢ ᠬᠢᠬᠦ
⑤ ᠭᠠᠷ ᠤᠳᠠᠰᠤᠨ ᠳᠡᠭᠡᠷ᠎ᠡ ᠮᠣᠩᠭᠤᠯ ᠬᠡᠯᠡᠡ ᠦ ᠰᠤᠷᠬᠤ ᠪᠢᠴᠢᠭ᠌ ᠬᠢᠬᠦ
⑥ ᠮᠣᠩᠭᠤᠯ ᠡᠯᠧᠺᠲ᠋ᠷᠦᠨ ᠨᠣᠮ ᠤᠩᠰᠢᠭᠤᠷ ᠬᠢᠬᠦ
⑦ ᠡᠯᠧᠺᠲ᠋ᠷᠦᠨ ᠨᠤᠮ ᠢ ᠬᠡᠪᠯᠡᠭᠦ᠂ ᠲᠠᠷᠬᠠᠭᠠᠬᠤ᠂ ᠬᠤᠳᠠᠯᠳᠤᠬᠤ᠂ ᠰᠤᠩᠭᠤᠨ ᠤᠩᠰᠢᠬᠤ ᠲᠠᠪᠴᠡᠩ ᠬᠢᠬᠦ
⑧ ᠡᠯ᠎ᠡ ᠵᠦᠢᠯ ᠤᠨ ᠮᠣᠩᠭᠤᠯ ᠲᠠᠸᠠᠷ ᠤᠨ ᠬᠤᠳᠠᠯᠳᠤᠭᠠᠨ ᠤ ᠲᠠᠪᠴᠡᠩ ᠬᠢᠬᠦ
⑨ ᠮᠣᠩᠭᠤᠯ ᠪᠢᠴᠢᠭ᠌ ᠢ ᠮᠠᠰᠢᠨ ᠶᠢᠡᠷ ᠲᠠᠨᠢᠵᠤ ᠣᠷᠤᠭᠤᠯᠬᠤ ᠰᠤᠳᠤᠯᠭᠠᠨ ᠬᠢᠬᠦ
⑩ ᠮᠣᠩᠭᠤᠯ ᠪᠢᠴᠢᠭ᠌ ᠢ ᠮᠠᠰᠢᠨ ᠶᠢᠡᠷ ᠤᠩᠰᠢᠭᠤᠯᠬᠤ ᠰᠤᠳᠤᠯᠭᠠᠨ ᠬᠢᠬᠦ
⑪ ᠮᠣᠩᠭᠤᠯ ᠬᠡᠯᠡᠨ ᠦ ᠮᠠᠰᠢᠨ ᠶᠢᠡᠷ ᠰᠣᠨᠤᠰᠴᠤ ᠲᠠᠨᠢᠬᠤ ᠰᠤᠳᠤᠯᠭᠠᠨ ᠬᠢᠬᠦ
⑫ ᠮᠣᠩᠭᠤᠯ ᠪᠣᠯᠤᠨ ᠪᠣᠰᠤᠳ ᠬᠡᠯᠡᠨ ᠦ ᠣᠷᠴᠢᠭᠤᠯᠭ᠎ᠠ ᠶᠢᠨ ᠰᠤᠳᠤᠯᠭᠠᠨ ᠬᠢᠬᠦ
᠁᠁
ᠭᠡᠬᠦ ᠵᠡᠷᠭᠡ ᠪᠠᠢᠢᠨ᠎ᠠ᠃
ᠠᠷᠪᠠ᠂ ᠬᠦᠰᠡᠯ ᠪᠠ ᠨᠠᠢᠢᠳᠠᠯᠭ᠎ᠠ
① ᠮᠣᠩᠭᠤᠯ ᠪᠢᠴᠢᠭ᠌ ᠶᠢᠡᠨ ᠥᠷᠭᠡᠨ ᠶᠢᠡᠷ ᠬᠡᠷᠡᠭᠯᠡᠶ᠎ᠡ
ᠬᠠᠮᠤᠭ ᠤᠨ ᠲᠡᠷᠢᠭᠦᠨ ᠳᠦ᠂ᠮᠣᠩᠭᠤᠯᠴᠤᠳ ᠪᠦᠭᠦᠳᠡᠭᠡᠷ ᠶᠢᠡᠨ ᠮᠣᠩᠭᠤᠯ ᠪᠢᠴᠢᠭ᠌ ᠶᠢᠡᠨ ᠬᠡᠷᠡᠭᠯᠡᠵᠡᠭᠡᠶ᠎ᠡ᠃ ᠬᠡᠯᠡ ᠭᠡᠳᠡᠭ᠌ ᠴᠢᠨᠢ ᠬᠡᠯᠡᠬᠦ ᠪᠠᠨ ᠪᠠᠢᠢᠪᠠᠯ ᠭᠡᠭᠡᠭᠳᠡᠭᠡᠳ᠂ ᠦᠰᠦᠭ᠌ ᠪᠢᠴᠢᠭ᠌ ᠭᠡᠳᠡᠭ ᠴᠢᠨᠢ ᠬᠡᠷᠡᠭᠯᠡᠬᠦ ᠪᠡᠨ ᠪᠠᠢᠢᠪᠠᠯ ᠮᠠᠷᠲᠠᠭᠳᠠᠳᠠᠭ ᠪᠠᠢᠢᠬᠤ ᠪᠢᠰᠢᠤ᠃ ᠤᠭ ᠲᠠᠭᠠᠨ ᠪᠤᠯ ᠮᠣᠩᠭᠤᠯ ᠪᠢᠴᠢᠭ᠌ ᠦᠨ ᠰᠢᠰᠲ᠋ᠧᠮ ᠢ ᠬᠡᠷᠡᠭᠯᠡᠶ᠎ᠡ ᠭᠡᠪᠡᠴᠦ ᠪᠠᠢᠢᠬᠤ ᠦᠭᠡᠢ᠂ᠪᠣᠢ ᠪᠣᠯᠤᠭᠰᠠᠨ ᠤ ᠳᠠᠷᠠᠭ᠎ᠠ ᠴᠤ ᠦᠭᠡᠷ᠎ᠡ ᠪᠣᠰᠤᠳ ᠲᠠᠢ ᠬᠠᠷᠢᠯᠴᠠᠵᠤ᠂ ᠰᠤᠯᠢᠯᠴᠠᠵᠤ ᠴᠢᠳᠠᠬᠤ ᠦᠭᠡᠢ ᠪᠠᠢᠢᠭᠰᠠᠨ ᠪᠤᠯᠬᠤᠷ ᠪᠤᠰᠤᠳ ᠬᠡᠯᠡ ᠶᠢ ᠵᠢᠭᠡᠯᠡᠵᠦ ᠬᠡᠷᠡᠭᠯᠡᠵᠦ ᠪᠠᠢᠢᠭᠰᠠᠨ ᠮᠠᠭᠠᠳ᠂ ᠤᠳᠤ ᠳᠡᠯᠡᠬᠡᠢ ᠨᠡᠢᠢᠲᠡ ᠪᠠᠷ ᠬᠡᠷᠡᠭᠯᠡᠬᠦ ᠪᠠᠷᠢᠮᠵᠢᠶᠠᠲᠤ ᠰᠢᠰᠲ᠋ᠧᠮ ᠢ ᠰᠤᠳᠤᠯᠤᠨ ᠪᠦᠲᠦᠭᠡᠭᠰᠡᠨ ᠪᠣᠯᠬᠤᠷ ᠮᠣᠩᠭᠤᠯᠴᠤᠳ ᠮᠠᠨᠢ ᠪᠦᠭᠦᠳᠡᠭᠡᠷ ᠮᠣᠩᠭᠤᠯ ᠦᠰᠦᠭ ᠪᠢᠴᠢᠭ᠌ ᠶᠢᠡᠨ ᠳᠡᠯᠭᠡᠷᠡᠩᠭᠦᠢ ᠬᠡᠷᠡᠭᠯᠡᠵᠦ᠂ ᠮᠣᠩᠭᠤᠯ ᠦᠰᠦᠭ ᠪᠢᠴᠢᠭ᠌ ᠪᠠ ᠮᠣᠩᠭᠤᠯ ᠰᠣᠶᠣᠯ ᠶᠢᠡᠨ ᠴᠠᠭ ᠦᠶ᠎ᠡ ᠶᠢᠨ ᠬᠥᠭᠵᠢᠯᠲᠡ ᠡᠴᠡ ᠬᠣᠴᠤᠷᠤᠭᠤᠯᠬᠤ ᠦᠭᠡᠢ ᠪᠠᠷ ᠴᠢᠷᠮᠠᠢᠢᠵᠠᠭᠠᠶᠠ᠃
② ᠪᠠᠷᠢᠮᠵᠢᠶᠠᠲᠤ ᠮᠣᠩᠭᠤᠯ ᠰᠢᠰᠲ᠋ᠧᠮ ᠶᠢᠡᠨ ᠲᠦᠭᠡᠮᠡᠯᠵᠢᠭᠦᠯᠦᠶᠡ
ᠳᠡᠭᠡᠷ᠎ᠡ ᠳᠤᠷᠠᠳᠤᠭᠰᠠᠨ ᠮᠡᠲᠦ ᠪᠡᠷ᠂ ᠪᠠᠷᠢᠮᠵᠢᠶ᠎ᠠ ᠦᠭᠡᠢ ᠪᠣᠯ ᠮᠣᠩᠭᠤᠯ ᠪᠢᠴᠢᠭ᠌ ᠤᠨ ᠰᠢᠰᠲ᠋ᠧᠮ ᠳᠡᠯᠭᠡᠷᠡᠩᠭᠦᠢ ᠬᠡᠷᠡᠭᠯᠡᠭᠳᠡᠬᠦ ᠪᠣᠯᠤᠯᠴᠠᠭ᠎ᠠ ᠦᠭᠡᠢ ᠭᠡᠰᠡᠨ ᠢ ᠲᠠ ᠨᠠᠷ ᠰᠠᠢᠢᠨ ᠤᠢᠢᠯᠭᠠᠭᠰᠠᠨ ᠪᠢᠵᠡ᠃ ᠡᠢᠢᠮᠤ ᠡᠴᠡ ᠡᠭᠦᠨ ᠡᠴᠡ ᠬᠤᠢᠢᠰᠢ ᠪᠢᠳᠡ ᠪᠠᠷᠢᠮᠵᠢᠶ᠎ᠠ ᠪᠣᠰᠤ ᠰᠢᠰᠲ᠋ᠧᠮ ᠢ ᠬᠡᠷᠡᠭᠯᠡᠬᠦ ᠪᠡᠨ ᠪᠠᠢᠢᠵᠤ᠂ ᠪᠠᠷᠢᠮᠵᠢᠶᠠᠲᠤ ᠮᠣᠩᠭᠤᠯ ᠰᠢᠰᠲ᠋ᠧᠮ ᠶᠢᠡᠨ ᠲᠦᠭᠡᠮᠡᠯᠵᠢᠭᠦᠯᠦᠶᠡ᠃
ᠪᠠᠷᠢᠮᠵᠢᠶᠠᠲᠤ ᠮᠣᠩᠭᠤᠯ ᠰᠤᠯᠵᠢᠶᠡᠨ ᠦ ᠮᠠᠲ᠋ᠧᠷᠢᠶᠠᠯ ᠶᠢᠡᠨ ᠨᠡᠮᠡᠭᠳᠡᠭᠦᠯᠦᠶ᠎ᠡ᠃ ᠴᠢᠮᠡᠭᠡ ᠰᠤᠷᠠᠭ᠂ ᠶᠡᠷᠦ ᠶᠢᠨ ᠮᠡᠳᠡᠯᠭᠡ᠂ ᠰᠢᠯᠦᠭ᠌ ᠵᠣᠬᠢᠶᠠᠯ᠂ ᠳᠠᠭᠤᠤ ᠬᠦᠭᠵᠢᠮ᠂ ᠠᠵᠤ ᠠᠬᠤᠢ᠂ ᠠᠷᠠᠯᠵᠢᠶ᠎ᠠ ᠮᠠᠢᠢᠮᠠᠢ᠂ ᠡᠮ ᠡᠮᠨᠡᠯᠭᠡ᠂ ᠡᠷᠳᠡᠮ ᠰᠢᠨᠵᠢᠯᠡᠭᠡ᠂ ᠪᠠᠢᠢᠭᠠᠯᠢ᠂ ᠨᠡᠢᠢᠭᠡᠮ᠂ ᠪᠠᠭᠠᠵᠢ ᠬᠡᠷᠡᠭᠰᠡᠯ ᠵᠡᠷᠭᠡ ᠣᠯᠠᠨ ᠵᠦᠢᠯ ᠢ ᠬᠠᠮᠤᠷᠤᠭᠰᠠᠨ᠂ ᠮᠣᠩᠭᠤᠯᠴᠤᠳ ᠣᠯᠠᠨ ᠳ᠋ᠠᠭᠠᠨ ᠠᠰᠢᠭ ᠲᠤᠰᠠᠲᠠᠢ ᠮᠠᠲ᠋ᠧᠷᠢᠶᠠᠯ ᠶᠢᠡ ᠴᠢᠳᠠᠬᠤ ᠶᠢᠨ ᠬᠢᠷᠢ ᠪᠡᠷ ᠮᠣᠩᠭᠤᠯ ᠰᠦᠯᠵᠢᠶᠡᠨ ᠳ᠋ᠡᠭᠡᠨ ᠨᠡᠢᠢᠲᠡᠯᠡᠨ᠂ ᠮᠣᠩᠭᠤᠯ ᠰᠤᠯᠵᠢᠶᠡᠨ ᠦ ᠠᠭᠤᠯᠭ᠎ᠠ ᠪᠠᠨ ᠪᠠᠶᠠᠯᠢᠭᠵᠢᠭᠤᠯᠵᠤ᠂ ᠨᠡᠢᠢᠲᠡᠯᠡᠭᠰᠡᠨ ᠠᠭᠤᠯᠭ᠎ᠠ ᠪᠠᠨ ᠪᠦᠬᠦ ᠮᠣᠩᠭᠤᠯᠴᠤᠳ ᠲᠠᠭᠠᠨ ᠲᠦᠭᠡᠮᠡᠯ ᠮᠡᠳᠡᠭᠦᠯᠵᠦ ᠠᠵᠢᠯ ᠠᠮᠢᠳᠤᠷᠠᠯ ᠳᠤᠨᠢ ᠲᠤᠰᠠ ᠦᠵᠡᠭᠦᠯᠦᠶ᠎ᠡ᠃ ᠬᠤᠪᠢ ᠬᠤᠪᠢ ᠶᠢᠨ ᠮᠡᠳᠡᠭᠰᠡᠨ ᠰᠤᠷᠤᠭᠰᠠᠨ᠂ᠦᠵᠡᠭᠰᠡᠨ ᠰᠣᠨᠤᠰᠤᠭᠰᠠᠨ ᠶᠢᠡᠨ ᠮᠣᠩᠭᠤᠯᠴᠤᠳ ᠤᠯᠠᠨ ᠳᠡᠭᠠᠨ ᠰᠤᠨᠢᠷᠬᠠᠭᠤᠯᠵᠤ᠂ᠰᠣᠶᠣᠯ ᠮᠡᠳᠡᠯᠭᠡ ᠪᠠᠨ ᠤᠯᠠᠮᠵᠢᠯᠠᠨ ᠲᠦᠭᠡᠮᠨᠯᠵᠢᠭᠦᠯᠵᠦ᠂ ᠬᠡᠦᠬᠡᠳ ᠳᠡᠭᠦᠦ ᠨᠠᠷ ᠲᠠᠭᠠᠨ ᠬᠤᠷᠳᠤᠨ ᠰᠤᠷᠭᠠᠶᠡ᠃ ᠮᠣᠩᠭᠤᠯᠴᠤᠳ ᠮᠠᠨᠢ ᠬᠠᠷᠢᠯᠴᠠᠨ ᠬᠠᠮᠵᠢᠯᠴᠢᠵᠤ᠂ ᠤᠷᠭᠢᠯᠤᠮ᠎ᠠ ᠬᠠᠯᠠᠭᠤᠨ ᠬᠠᠢᠢᠷ᠎ᠠ ᠰᠡᠳᠭᠢᠯᠭᠡ ᠪᠠ ᠬᠠᠯᠠᠰᠢᠷᠠᠯ ᠦᠭᠡᠢ ᠴᠢᠷᠮᠠᠢᠢᠯᠭ᠎ᠠ ᠪᠠᠷ ᠶᠢᠡᠨ ᠮᠣᠩᠭᠤᠯ ᠰᠤᠶᠤᠯ ᠶᠢᠡᠨ ᠳᠡᠯᠭᠡᠷᠡᠭᠦᠯᠦᠨ ᠪᠠᠳᠠᠷᠠᠭᠤᠯᠬᠤ ᠠᠵᠢᠯ ᠳ᠋ᠤ ᠬᠤᠪᠢ ᠨᠡᠮᠡᠭᠦᠷᠢ ᠪᠠᠨ ᠬᠠᠷᠠᠮ ᠦᠭᠡᠢ ᠡᠷᠭᠦᠬᠦ ᠵᠢ ᠬᠦᠰᠡᠶ᠎ᠡ᠃
ᠰᠠᠶᠢᠬᠠᠨ ᠬᠡᠷᠡᠭᠯᠡᠭᠡᠨ ᠳᠦ ᠣᠷᠤᠵᠤ ᠪᠠᠢᠢᠭ᠎ᠠ ᠡᠨᠡᠬᠦ ᠤᠯᠠᠨ ᠤᠯᠤᠰ ᠤᠨ ᠪᠠᠷᠢᠮᠵᠢᠶᠠᠲᠤ ᠮᠣᠩᠭᠤᠯ ᠪᠢᠴᠢᠭ᠌ ᠤᠨ ᠮᠠᠰᠢᠨ᠂ ᠰᠢᠰᠲ᠋ᠧᠮ ᠪᠠ ᠰᠤᠹᠲ ᠵᠡᠷᠭᠡ ᠪᠠᠨ ᠡᠷᠳᠡᠮᠲᠡᠳ ᠮᠠᠨᠢ ᠪᠠᠭᠠᠵᠢ ᠵᠡᠪᠰᠡᠭ ᠶᠢᠡᠨ ᠪᠣᠯᠭᠠᠵᠤ᠂ ᠮᠡᠷᠭᠡᠵᠢᠯᠲᠡᠳ ᠮᠠᠨᠢ ᠠᠵᠢᠯ ᠦᠢᠯᠡᠰ ᠶᠢᠡᠨ ᠪᠣᠯᠭᠠᠵᠤ᠂ ᠵᠠᠯᠠᠭᠤᠴᠤᠳ ᠮᠠᠨᠢ ᠠᠵᠠ ᠵᠠᠪᠰᠢᠶᠠᠨ ᠶᠢᠡᠨ ᠪᠣᠯᠭᠠᠵᠤ᠂ ᠬᠡᠦᠬᠡᠳ ᠳᠡᠭᠦᠦᠨᠡᠷ ᠮᠠᠨᠢ ᠬᠦᠰᠡᠯᠡᠩ ᠶᠢᠡᠨ ᠪᠤᠯᠭᠠᠵᠤ᠂ ᠤᠯᠠᠨ ᠮᠣᠩᠭᠤᠯᠴᠤᠳ ᠪᠦᠭᠦᠳᠡᠭᠡᠷ ᠶᠢᠡᠨ ᠬᠠᠷᠢᠭᠤᠴᠠᠯᠭ᠎ᠠ ᠪᠠᠨ ᠪᠤᠯᠭᠠᠵᠤ᠂ ᠦᠪᠡᠷ ᠤᠨ ᠶᠢᠡᠨ ᠦᠭᠡ ᠬᠡᠯᠡ ᠦᠰᠦᠭ ᠪᠢᠴᠢᠭ᠌ ᠶᠢᠡᠨ ᠤᠯᠠᠮ ᠰᠠᠢᠢᠨ ᠬᠦᠭᠵᠢᠭᠦᠯᠦᠶ᠎ᠡ᠃
2012 ᠤᠨ ᠤ 2 ᠰᠠᠷ᠎ᠠ
ᠲᠤᠤᠺᠢᠤ᠋ ᠬᠣᠲᠠ ᠳᠤ