モンゴル語手書きフォント
フォント名称 : Mongolian
Writing
フォント種類 : AAT
フォントバージョン: 1.0
フォントメーカー: 株式会社アルマス(Almas
Inc.)
リリース時期: 2011年11月
著作権所有 : 株式会社アルマス(Almas
Inc.)
利用条件 :
個人ユーザーは無料ダウンロードして利用可能、どなたでも販売もしくは任意形式の有料提供は禁じられています。
ダウンロードファイル
ᠮᠣᠩᠭᠣᠯ ᠦᠰᠦᠭ ᠮᠢᠨᠢ ᠰᠠᠢᠢᠬᠠᠨ
ᠲ᠂ᠳᠡᠯᠭᠡᠷᠰᠠᠩ
ᠠᠮᠲᠠᠷᠠᠬᠨ ᠰᠢᠮᠳᠡᠷᠬᠡᠨ ᠣᠩᠰᠢᠬᠤ ᠳᠤ
ᠠᠶᠠᠯᠭᠤ ᠳᠠᠭᠤᠨ ᠤ ᠬᠢᠨᠢ ᠢᠷᠭᠤᠬᠠᠨ ᠭᠡᠵᠢ᠂
ᠠᠯᠭᠤᠷ ᠰᠠᠢᠢᠬᠠᠨ ᠪᠢᠴᠢᠬᠦ ᠳᠤ
ᠠᠴᠤᠭ ᠰᠢᠯᠪᠢ ᠶᠢᠨ ᠬᠢᠨᠢ ᠡᠪᠯᠢᠭᠬᠡᠨ ᠭᠡᠵᠢ᠃
ᠤᠷᠪᠠᠭᠤᠯᠤᠨ ᠡᠷᠭᠢᠭᠦᠯᠦᠨ ᠣᠩᠰᠢᠬᠤ ᠳᠤ
ᠤᠷᠤᠰᠤᠮ᠎ᠠ ᠲᠣᠳᠤᠬᠠᠨ ᠰᠣᠨᠤᠰᠲᠠᠬᠤ ᠭᠡᠵᠢ᠂
ᠣᠳᠬ᠎ᠠ ᠪᠡᠷ ᠨᠢ ᠪᠠᠭᠤᠯᠭᠠᠵᠤ ᠪᠢᠴᠢᠬᠦ ᠳᠤ
ᠣᠷᠠᠯᠢᠭ ᠭᠣᠶᠤᠬᠠᠨ ᠬᠠᠷᠠᠭᠳᠠᠬᠤ ᠭᠡᠵᠢ᠃
ᠶᠠᠩᠵᠤ ᠪᠦᠷᠢ ᠶᠢᠨ ᠠᠶᠠᠯᠭᠤ ᠶᠢ
ᠪᠦᠷᠢᠨ ᠳᠡᠮᠳᠡᠭᠯᠡᠳᠡᠭ ᠦᠰᠦᠭ ᠰᠢᠦ
ᠶᠠᠭᠠᠷᠠᠵᠤ ᠲᠡᠪᠡᠳᠡᠭᠰᠡᠨ ᠦᠶ᠎ᠡ ᠳᠤ
ᠲᠠᠲᠠᠯᠠᠵᠤ ᠪᠣᠯᠳᠠᠭ ᠴᠤ ᠦᠰᠦᠭ ᠰᠢᠦ᠃
ᠡᠭᠡᠰᠢᠭ᠌ ᠭᠡᠢᠢᠭᠦᠯᠦᠭᠴᠢ ᠬᠠᠮᠵᠢᠮᠠᠨᠵᠢᠨ
ᠦᠶ᠎ᠡ ᠪᠦᠷᠢᠯᠳᠦᠨ ᠲᠣᠭᠳᠠᠳᠠᠭ ᠰᠢᠦ
ᠦᠶ᠎ᠡ ᠨᠢ ᠦᠶ᠎ᠡ ᠲᠠᠢ ᠪᠡᠨ ᠨᠡᠢᠢᠯᠡᠮᠡᠨᠵᠢᠨ
ᠦᠭᠡ ᠦᠰᠦᠭ ᠪᠦᠲᠦᠳᠡᠭ ᠰᠢᠦ᠃
ᠴᠠᠭᠠᠨ ᠲᠣᠯᠤᠭᠠᠢ ᠶᠢ ᠡᠵᠡᠮᠰᠢᠪᠡᠯ
ᠴᠠᠭᠠᠰᠢ ᠨᠢ ᠦᠰᠦᠭᠯᠡᠯ ᠳᠤ ᠣᠷᠤᠳᠠᠭ ᠰᠢᠦ᠂
ᠦᠰᠦᠭᠯᠡᠯ ᠳᠤ ᠣᠷᠤᠵᠤ ᠴᠠᠭᠠᠷᠠᠪᠠᠯ
ᠦᠯᠢᠭᠡᠷ ᠦᠨ ᠨᠣᠮ ᠣᠩᠰᠢᠳᠠᠭ ᠰᠢᠦ᠃
ᠦᠭᠡ ᠪᠡᠨ ᠶᠠᠷᠢᠳᠠᠭ ᠬᠥᠮᠦᠨ
ᠦᠰᠦᠭ ᠢ ᠨᠢ ᠰᠤᠷᠠᠬᠤ ᠳᠤ ᠳᠦᠭᠦᠮ ᠰᠢᠦ᠂
ᠦᠰᠦᠭ ᠢ ᠨᠢ ᠮᠡᠳᠡᠳᠡᠭ ᠬᠦᠮᠦᠨ
ᠪᠢᠴᠢᠭ᠌ ᠲᠠᠢ ᠪᠣᠯᠬᠤ ᠳᠤ ᠬᠢᠯᠪᠠᠷ ᠰᠢᠦ᠃
ᠮᠠᠨ ᠤ ᠮᠣᠩᠭᠣᠯ ᠦᠰᠦᠭ ᠭᠡᠭᠴᠢ
ᠮᠠᠩᠯᠠᠢ ᠰᠠᠢᠢᠬᠠᠨ ᠪᠠᠢᠳᠠᠭ ᠰᠢᠦ᠂
ᠮᠠᠰᠢ ᠡᠷᠲᠡ ᠵᠣᠬᠢᠶᠠᠭᠳᠠᠭᠠᠳ
ᠮᠠᠷᠲᠠᠭᠳᠠᠯ ᠦᠭᠡᠢ ᠬᠡᠷᠡᠭᠯᠡᠭᠳᠡᠭᠰᠡᠭᠡᠷ ᠰᠢᠦ᠃
《ᠮᠣᠷᠤᠩᠬᠠᠢ ᠮᠣᠰᠢᠭᠠᠢ ᠦᠰᠦᠭ》 ᠭᠡᠵᠦ
ᠮᠡᠳᠡᠯᠭᠡ ᠮᠡᠭᠦᠰᠴᠦᠳ ᠭᠦᠳᠭᠡᠪᠡᠴᠦ
ᠮᠣᠯᠤᠷ ᠡᠷᠳᠡᠨᠢ ᠶᠢᠨ ᠦᠰᠦᠭ ᠶᠢᠡᠨ
ᠮᠣᠩᠭᠣᠯ ᠬᠦᠦ ᠪᠢ ᠰᠤᠷᠤᠨ᠎ᠠ᠃
《ᠠᠷᠢᠶᠠᠲᠠᠨ ᠰᠢᠪᠠᠭᠤᠨ ᠤ ᠬᠡᠯᠡ》 ᠭᠡᠵᠦ
ᠠᠳᠬᠠᠭ ᠰᠠᠨᠠᠭᠠᠳᠠᠨ ᠵᠠᠵᠢᠭᠤᠳᠠᠭᠤᠯᠪᠠᠴᠤ᠂
ᠠᠪᠤ ᠳᠡᠭᠡᠳᠦᠰ ᠦᠨ ᠬᠡᠯᠡ ᠪᠡᠨ
ᠠᠯᠳᠠᠯ ᠦᠭᠡᠢ ᠪᠢ ᠡᠵᠡᠮᠰᠢᠨ᠎ᠡ!
ᠭᠠᠢᠢᠬᠠᠮᠰᠢᠭᠲᠤ ᠰᠠᠢᠢᠬᠠᠨ ᠬᠡᠯᠡ ᠪᠡᠨ
ᠭᠠᠩᠭᠠᠩ ᠰᠠᠢᠢᠬᠠᠨ ᠦᠰᠦᠭ ᠶᠢᠡᠨ
ᠭᠠᠯᠪᠠ ᠶᠡᠭᠦᠷᠡᠳᠡᠯ᠎ᠡ ᠭᠡᠷᠭᠯᠡᠭᠡᠳ
ᠭᠠᠯ ᠭᠣᠯᠤᠮᠲᠠ ᠪᠡᠨ ᠬᠦᠭᠵᠢᠭᠦᠯᠦᠨ᠎ᠡ᠃
ᠬᠠᠯᠬ᠎ᠠ ᠢᠢᠨ ᠭᠣᠣᠯ
ᠪ
᠂ ᠶᠠᠪᠤᠬ᠋ᠤᠯᠠᠩ
ᠡᠴᠢᠭᠡ ᠢᠢᠨ ᠴᠠᠭᠠᠨ ᠥᠷᠭᠥᠭᠡᠨ ᠦ
ᠡᠭᠡᠯᠢᠲᠡᠢ ᠠᠭᠤᠵᠢᠮ ᠬᠠᠶᠠᠭ᠎ᠠ ᠰᠢᠭ
ᠲᠤᠵᠢ ᠳᠠᠭᠠᠨ ᠴᠡᠯᠡᠢᠢᠬᠦ ᠳᠣᠷᠣᠨ᠎ᠠ ᠢᠢᠨ ᠲᠠᠯ᠎ᠠ
ᠲᠤᠭᠣᠯᠬᠤ ᠲᠤᠰᠤᠮ ᠠᠭᠤᠵᠢᠷᠠᠨ᠎ᠠ᠃
ᠳᠣᠷᠣᠨ᠎ᠠ ᠢᠢᠨ ᠲᠠᠯ᠎ᠠ ᠢᠢᠨ ᠬᠠᠶᠠᠭᠠᠨ ᠳᠤ
ᠳᠠᠢᠢᠴᠢᠨ ᠡᠴᠢᠭᠡ ᠢᠢᠨ ᠰᠡᠯᠡᠮ᠎ᠡ ᠰᠢᠭ᠌
ᠳᠣᠮᠣᠭᠲᠤ ᠴᠡᠩᠬᠡᠷ ᠬᠠᠯᠬ᠎ᠠ ᠢᠢᠨ ᠭᠣᠣᠯ
ᠲᠠᠰᠢᠬᠤ ᠨᠠᠷᠠᠨ ᠳᠤ ᠭᠢᠯᠠᠯᠵᠠᠨ᠎ᠠ᠃
ᠡᠭᠡ ᠢᠢᠨ ᠪᠦᠪᠡᠢ ᠰᠢᠩᠭᠡᠭᠰᠡᠨ
ᠡᠭᠡᠯᠢᠲᠡᠢ ᠳᠤᠯᠠᠭᠠᠨ ᠥᠯᠦᠭᠡᠢ ᠰᠢᠭ᠌
ᠨᠤᠲᠤᠭ ᠤᠨ ᠰᠠᠢᠢᠬᠠᠨ ᠳᠣᠷᠣᠨ᠎ᠠ ᠢᠢᠨ ᠲᠠᠯ᠎ᠠ ᠳᠤ
ᠨᠤᠲᠤᠭᠯᠠᠬᠤ ᠲᠤᠰᠤᠮ ᠵᠢᠷᠭᠠᠨ᠎ᠠ᠃
ᠡᠩ ᠦᠭᠡᠢ ᠲᠠᠯ᠎ᠠ ᠢᠢᠨ ᠬᠠᠶᠠᠭᠠᠨ ᠳᠤ
ᠡᠵᠢ ᠢᠢᠨ ᠴᠠᠭᠠᠨ ᠰᠦ᠋ ᠰᠢᠭ᠌
ᠲᠠᠯ᠎ᠠ ᠶᠢ ᠲᠤᠭᠤᠯᠤᠭᠰᠠᠨ ᠬᠠᠯᠬ᠎ᠠ ᠢᠢᠨ ᠭᠣᠣᠯ
ᠲᠥᠮᠡᠨ ᠣᠯᠠᠨ ᠢᠢᠡᠨ ᠣᠮᠳᠠᠯᠠᠨ᠎ᠠ᠃
ᠠᠭᠤᠵᠢᠮ ᠤᠨ ᠬᠣᠯᠠ ᠳᠠᠭᠠᠨ ᠴᠤᠤᠷᠢᠶᠠᠳᠤᠭᠰᠠᠨ
ᠤᠷᠲᠤ ᠢᠢᠨ ᠳᠠᠭᠤᠤ ᠢᠢᠨ ᠡᠭᠡᠰᠢᠭ᠌ ᠰᠢᠭ᠌
ᠰᠡᠯᠡᠭᠦᠨ ᠠᠭᠤᠳᠠᠮ ᠳᠣᠷᠣᠨ᠎ᠠ ᠢᠢᠨ ᠲᠠᠯ᠎ᠠ
ᠰᠡᠳᠭᠢᠯ ᠵᠢᠷᠦᠭᠡ ᠶᠢ ᠪᠤᠯᠢᠶᠠᠨ᠎ᠠ᠃
ᠳᠣᠷᠣᠨ᠎ᠠ ᠢᠢᠨ ᠲᠠᠯ᠎ᠠ ᠢᠢᠨ ᠬᠠᠶᠠᠭᠠᠨ ᠳᠤ
ᠲᠣᠳᠤᠨᠤ ᠢᠢᠨ ᠬᠠᠨᠢ ᠢᠢᠨ ᠮᠡᠯᠮᠡᠢ ᠰᠢᠭ᠌
ᠬᠠᠯᠬ᠎ᠠ ᠢᠢᠨ ᠰᠠᠢᠢᠬᠠᠨ ᠬᠠᠯᠬ᠎ᠠ ᠢᠢᠨ ᠭᠣᠣᠯ
ᠬᠠᠢᠢᠷ᠎ᠠ ᠪᠡᠷ ᠪᠢᠯᠬᠠᠨ ᠮᠡᠯᠮᠡᠷᠡᠨ᠎ᠡ᠃
ᠡᠴᠢᠭᠡ ᠢᠢᠨ ᠴᠠᠭᠠᠨ ᠥᠷᠭᠦᠭᠡᠨ ᠦ
ᠡᠭᠡᠯᠢᠲᠡᠢ ᠠᠭᠤᠵᠢᠮ ᠬᠠᠶᠠᠭ᠎ᠠ ᠰᠢᠭ
ᠲᠤᠵᠢ ᠳᠠᠭᠠᠨ ᠴᠡᠯᠡᠢᠢᠬᠦ ᠳᠣᠷᠣᠨ᠎ᠠ ᠢᠢᠨ ᠲᠠᠯ᠎ᠠ
ᠲᠤᠭᠤᠯᠬᠤ ᠲᠤᠰᠤᠮ ᠠᠭᠤᠵᠢᠷᠠᠨ᠎ᠠ᠃
ᠳᠣᠷᠣᠨ᠎ᠠ ᠢᠢᠨ ᠲᠠᠯ᠎ᠠ ᠢᠢᠨ ᠬᠠᠶᠠᠭᠠᠨ ᠳᠤ
ᠳᠠᠢᠢᠴᠢᠨ ᠡᠴᠢᠭᠡ ᠢᠢᠨ ᠰᠡᠯᠡᠮ᠎ᠡ ᠰᠢᠭ᠌
ᠳᠣᠮᠣᠭᠲᠤ ᠴᠡᠩᠬᠡᠷ ᠬᠠᠯᠬ᠎ᠠ ᠢᠢᠨ ᠭᠣᠣᠯ
ᠲᠠᠰᠢᠬᠤ ᠨᠠᠷᠠᠨ ᠳᠤ ᠭᠢᠯᠠᠯᠵᠠᠨ᠎ᠠ᠃
お使いのPCで上記のモンゴル語が正しく表示されない場合、フォントファイルをダウンロードしてインストールしてください。Apple社のMac
OS Xをお使いに
なられている方はAAT種類のフォントをダウンロードして、Windowsをお使いの方はOpenType種類のフォントをダウンロードして使ってください。
Windows XPまたはXPより古いシステム(Windows
2000,NT,98、95等)は、モンゴル語UNICODEに必要なOpenTypeフォントの複雑変換
変換ロジックをサポートしないので、上記のモンゴル語を正しく表示できません。Windows Vista またはWindows
7にバージョンアップしてください。
LinuxまたはUnix类システムをお使いの方は、OpenTypeをサポートする特別なモジュールをインストールする必要があります。